— ᠬᠠᠭᠤᠴᠢᠨ ᠪᠠᠷᠭᠤᠴᠤᠤᠯ ᠤᠨ ︽ᠤᠪᠤᠭ᠎ᠠ︾ ᠲᠠᠬᠢᠯᠭ᠎ᠠ ᠶᠢᠨ ᠲᠤᠬᠠᠢ | 1997 ᠤᠨ ᠳᠤ ︽ᠤᠩᠭᠤᠨ ᠨᠤᠳᠤᠭ ᠤᠨ ᠡᠵᠡᠳ︾ ᠭᠡᠬᠦ ᠲᠤᠮᠤ ᠭᠡᠯᠪᠠᠷᠢ ᠶᠢᠨ ︽ᠮᠤᠩᠭᠤᠯ | ᠦᠨᠳᠤᠰᠤᠳᠠᠨ ᠤ ᠠᠶᠢᠮᠠᠭ ᠶᠠᠰᠤᠳᠠᠨ ᠤ ᠠᠮᠢᠳᠤᠷᠠᠯ ᠵᠠᠩᠰᠢᠯ ᠤᠨ ᠲᠤᠬᠠᠢ ᠲᠧᠯᠸᠢᠰ ᠤᠨ ᠴᠦᠷᠭᠡ ᠹᠢᠯᠢᠮ︾ ᠤᠨ | ᠨᠢᠭᠡᠳᠤᠭᠡᠷ ᠪᠦᠯᠦᠭ ᠲᠠᠬᠢ ︽ᠬᠠᠭᠤᠴᠢᠨ ᠪᠠᠷᠭᠤ ᠶᠢᠨ ᠲᠤᠬᠠᠢ ᠰᠠᠭᠤᠭᠳᠠᠯ︾ ᠭᠡᠮᠡᠭᠦ ᠬᠡᠰᠢᠭ ᠢ | ᠨᠠᠶᠢᠷᠠᠭᠤᠯᠬᠤ ᠳᠠᠭᠠᠨ ᠪᠢ ᠢᠩᠭᠢᠵᠤ ᠪᠢᠴᠢᠭᠰᠡᠨ ᠪᠢᠯᠠ᠃ | ︽ᠬᠠᠭᠤᠴᠢᠨ ᠪᠠᠷᠭᠤ ᠳᠤ ᠲᠤᠩ ᠤᠯᠠᠨ ᠬᠠᠯᠠ ᠶᠢᠨ ᠤᠪᠤᠭ᠎ᠠ ᠪᠠᠶᠢᠳᠠᠭ᠃ | ᠭᠡᠳᠦ᠋ᠢᠪᠠᠷ ᠡᠷᠢᠨ ᠴᠠᠭ᠂ ᠲᠦᠷᠤ ᠭᠦᠷᠤᠨ ᠬᠠᠶᠢᠷ᠎ᠠ ᠨᠠᠶᠢᠷ ᠦᠭᠡᠢ ᠪᠠᠷ ᠲᠠᠳᠡᠨ ᠢ ᠦᠭᠡᠷᠡᠴᠢᠯᠡᠵᠤ᠂ | ᠪᠦᠳᠦᠭᠡᠭᠰᠡᠭᠡᠷ ᠢᠷᠡᠭᠰᠠᠨ ᠪᠤᠯᠪᠠᠴᠤ ᠬᠠᠭᠤᠴᠢᠨ ᠪᠠᠷᠭᠤᠴᠤᠤᠯ ᠦᠪᠡᠷᠮᠢᠴᠠ ᠠᠮᠢᠳᠤᠷᠠᠯ᠂ ᠤᠳᠤᠮᠰᠢᠯᠳᠤ | ᠠᠬᠤᠶᠢᠯᠠᠯ ᠢᠶᠠᠨ ᠬᠠᠳᠠᠭᠠᠯᠠᠭᠰᠠᠭᠠᠷ ᠢᠷᠡᠭᠰᠠᠨ ᠶᠤᠮ᠃ | ᠤᠪᠤᠭᠠᠨ ᠲᠠᠭᠢᠯᠭ᠎ᠠ ᠲᠦᠭᠦᠮᠭᠡᠨ ᠪᠠᠶᠢᠭᠰᠠᠨ ᠴᠤ ᠭᠦᠮᠤᠰ ᠤᠨ ᠰᠦᠰᠦᠭ ᠪᠢᠰᠢᠷᠠᠯ ᠭᠡᠪ ᠢᠶᠠᠷ ᠢᠶᠠᠨ᠂ ᠡᠨᠡᠭᠦ | ᠭᠢᠯᠪᠠᠷ ᠲᠦᠭᠦᠮ ᠭᠡᠯᠪᠠᠷᠢ ᠪᠠᠷ ᠲᠠᠮᠵᠢᠨ᠂ ᠬᠠᠯᠠ ᠤᠪᠤᠭ ᠤᠨ ᠲᠤᠳᠤᠷ᠎ᠠ ᠬᠤᠭᠤᠷᠤᠨᠳᠤ ᠪᠠᠨ ᠬᠠᠷᠢᠴᠠᠭ᠎ᠠ | ᠬᠤᠯᠪᠤᠭ᠎ᠠ ᠪᠠᠨ ᠨᠢᠭᠳᠠᠷᠠᠭᠤᠯᠤᠨ᠂ ᠭᠡᠤᠭᠡᠳ ᠠᠴᠢ ᠨᠠᠷ ᠬᠤᠭᠤᠷᠤᠨᠳᠤ ᠪᠠᠨ ᠮᠠᠳᠡᠯᠴᠠᠨ ᠲᠠᠨᠢᠯᠴᠠᠵᠤ᠂ ᠢᠵᠢᠯᠢᠰᠢᠨ | ᠲᠤᠳᠤᠨᠤᠴᠢᠯᠠᠬᠤ ᠶᠢ ᠡᠷᠭᠢᠮᠯᠡᠳᠡᠭ ᠪᠠᠶᠢᠨ᠎ᠠ᠃ | ︽ᠤᠪᠤᠭ᠎ᠠ ᠲᠠᠭᠢᠬᠤ ᠡᠶᠢᠮᠤ ᠲᠡᠶᠢᠮᠤ ᠤᠯᠠᠨ ᠲᠠᠶᠢᠯᠪᠤᠷᠢ ᠭᠡᠯᠡᠯᠴᠡᠭᠡᠨ ᠲᠠᠢ ᠪᠠᠶᠢᠭᠰᠠᠨ ᠴᠤ ᠪᠢ ᠶᠠᠷᠤᠨᠢ | ᠡᠪᠦᠭᠡ ᠲᠡᠭᠡᠳᠦᠰ ᠢᠶᠠᠨ ᠰᠢᠳᠤᠨ ᠲᠠᠭᠢᠵᠤ ᠪᠠᠶᠢᠭ᠎ᠠ ᠭᠡᠳᠡᠭ ᠢ ᠯᠠ ᠢᠳᠡᠭᠡᠳᠡᠭ᠃ ᠶᠠᠭᠠᠭᠢᠭᠠᠳ ᠭᠡᠪᠡᠯ ᠮᠠᠨ ᠤ ᠡᠪᠦᠭᠡ | ᠲᠡᠭᠡᠳᠤᠰ ᠤᠨ ᠰᠦᠨᠡᠰᠤ ᠭᠡᠶᠢᠮᠤᠷᠢ ᠦᠨᠳᠤᠷ ᠠᠭᠤᠯᠠ᠂ ᠦᠳᠭᠡᠨ ᠰᠢᠭᠤᠢ ᠳᠤ ᠪᠠᠶᠢᠳᠠᠭ ᠡ ᠁︾ | ᠶᠡᠷᠤᠨᠢ ︽ᠤᠪᠤᠭ᠎ᠠ︾ ᠶᠢᠨ ᠲᠤᠬᠠᠢ ᠡᠯ᠎ᠠ ᠤᠯᠤᠰ ᠦᠨᠳᠤᠰᠤᠳᠠᠨ ᠤ ᠰᠤᠳᠤᠯᠭᠠᠳᠠᠨ ᠶᠠᠩᠵᠤ ᠶᠠᠩᠵᠤ ᠶᠢᠨ | ᠲᠠᠶᠢᠯᠪᠤᠷᠢ ᠭᠢᠵᠤ ᠤᠯᠠᠨ ᠶᠡᠭᠡ ᠠᠮᠵᠢᠯᠳᠠ ᠪᠦᠳᠦᠭᠡᠯ ᠢ ᠭᠠᠷᠭᠠᠭᠰᠠᠭᠠᠷ ᠢᠷᠡᠭᠰᠠᠨ ᠴᠦ ᠪᠠᠭᠴᠠᠯᠠᠭᠠᠳ ᠦᠵᠡᠪᠡᠯ | ᠶᠡᠭᠡ ᠲᠦᠯᠦᠪ ᠲᠡᠭᠡᠨ ᠢᠩᠭᠢᠵᠤ ᠭᠡᠯᠡᠵᠤ ᠪᠠᠶᠢᠨ᠎ᠠ᠃ | ᠨᠢᠭᠡ ᠨᠢ᠂ ᠮᠤᠩᠭᠤᠯ ᠠᠶᠢᠮᠠᠭ ᠤᠳ ᠲᠠᠶᠢᠨ ᠳᠤ ᠨᠦᠭᠴᠢᠭᠰᠡᠨ ᠪᠠᠭᠠᠳᠤᠷᠴᠤᠳ ᠢᠶᠠᠨ ᠲᠡᠮᠳᠡᠭᠯᠡᠨ | ᠲᠤᠷᠠᠰᠬᠠᠬᠤ ᠪᠠᠷ ᠤᠪᠤᠭᠠᠯᠠᠭᠰᠠᠨ ᠴᠢᠯᠠᠭᠤᠨ ᠤᠪᠤᠭ᠎ᠠ᠃ ᠲᠡᠭᠦᠨ ᠤ ᠲᠤᠤᠷ᠎ᠠ ᠪᠠᠭᠠᠳᠤᠷᠴᠤᠳ ᠤᠨ ᠦᠯᠡᠳᠡᠭᠳᠡᠯ | ᠡᠳ᠋ᠯᠡᠯ ᠢ ᠪᠤᠯᠠᠰᠢᠯᠠᠵᠤ ᠪᠠᠶᠢᠨ᠎ᠠ᠃ | ᠬᠤᠶᠠᠷ ᠲᠤᠨᠢ᠂ ᠮᠤᠩᠭᠤᠯ ᠮᠠᠯᠴᠢᠳ ᠤᠨ ᠲᠡᠭᠷᠢ ᠲᠠᠭᠢᠵᠤ ᠬᠤᠷ᠎ᠠ ᠭᠦᠰᠡᠳᠡᠭ ᠲᠠᠭᠢᠯᠭ᠎ᠠ ᠶᠢᠨ ᠭᠠᠵᠠᠷ᠃ | ᠭᠤᠷᠪᠠ ᠨᠢ᠄ ᠵᠢᠩᠴᠢᠳ ᠤᠨ ᠵᠠᠮ ᠤᠨ ᠲᠡᠮᠳᠡᠭ᠃ | ᠲᠦᠷᠪᠡ ᠨᠢ᠄ ᠠᠶᠢᠮᠠᠭ ᠤᠳ ᠤᠨ ᠲᠠᠶᠢᠨ ᠤ ᠦᠶᠡᠰ ᠲᠤ ᠲᠤᠭᠢᠶ᠎ᠠ ᠠᠪᠤᠯᠴᠠᠳᠠᠭ ᠤᠷᠤᠢ᠃ ᠲᠤᠳᠤᠷ᠎ᠠ | ᠭᠠᠵᠠᠷ ᠤᠨ ᠴᠤᠨᠵᠢ ᠶᠢᠨ ᠭᠠᠯ ᠤᠳᠤᠭ᠎ᠠ ᠪᠠᠷ ᠲᠤᠭᠢᠶ᠎ᠠ ᠰᠤᠷᠠᠭ ᠲᠠᠯᠪᠢᠳᠠᠭ ᠲᠠᠢ ᠲᠦᠰᠦᠭᠡᠳᠡᠢ᠃ ᠪᠠᠰᠠ ᠵᠠᠷᠢᠮ ᠨᠢ | ᠬᠤᠰᠢᠭᠤ ᠨᠤᠳᠤᠭ ᠤᠨ ᠵᠠᠭᠠᠭ ᠤᠨ ᠲᠡᠮᠳᠡᠭ ᠭᠡᠵᠤ ᠪᠠᠶᠢᠨ᠎ᠠ᠃ | ︽ᠤᠪᠤᠭ᠎ᠠ︾ ᠶᠢᠨ ᠲᠦᠷᠰᠤ ᠭᠡᠯᠪᠠᠷᠢ ᠨᠢ ᠴᠤ ᠪᠦᠷᠢᠮᠤᠰᠤᠨ ᠠᠳᠠᠯᠢ ᠦᠭᠡᠢ᠃ ᠮᠢᠨᠤ ᠤᠶᠢᠯᠠᠭᠠᠭᠰᠠᠨ ᠢᠶᠠᠷ | ᠦᠪᠤᠷ ᠮᠤᠩᠭᠤᠯ ᠤᠨ ᠵᠡᠭᠦᠨ ᠭᠡᠰᠡᠭ ᠨᠤᠳᠤᠭ ᠤᠳ ᠢᠶᠠᠷ ︽ᠤᠪᠤᠭ᠎ᠠ︾ ᠪᠠᠨ ᠴᠢᠯᠠᠭᠤ ᠪᠠᠷ ᠲᠤᠭᠤᠢ ᠰᠠᠭᠤᠷᠢ ᠲᠠᠢ | ᠮᠦᠷᠳᠡᠭᠡᠨ ᠱᠤᠷᠤᠯᠵᠢᠨ ᠭᠡᠯᠪᠠᠷᠢ ᠪᠠᠷ ᠤᠷᠦ᠋ᠢᠯᠠᠨ ᠤᠪᠤᠭᠠᠯᠠᠳᠠᠭ᠃ ᠵᠠᠷᠢᠮ ᠴᠢᠯᠠᠭᠤ ᠬᠠᠳᠠ ᠦᠭᠡᠢ ᠨᠤᠳᠤᠭ ᠲᠤ | ᠪᠤᠷᠭᠠᠰᠤᠨ ᠭᠦᠰᠢᠶ᠎ᠠ ᠭᠦᠷᠤᠵᠤ ᠪᠠᠭᠢᠯᠡᠭᠡᠳ ᠰᠢᠷᠤᠢ ᠪᠠᠷ ᠤᠪᠤᠭᠠᠯᠠᠭᠰᠠᠨ ᠨᠢ ᠪᠠᠶᠢᠳᠠᠭ᠃ ᠦᠪᠤᠷ ᠮᠤᠩᠭᠤᠯ ᠤᠨ | ᠪᠠᠷᠠᠭᠤᠨ ᠭᠡᠰᠡᠭ ᠤᠨ ᠨᠤᠳᠤᠭ ᠤᠳ ᠤᠨ ︽ᠤᠪᠤᠭ᠎ᠠ︾ ᠨᠤᠭᠤᠳ ᠶᠡᠷᠤᠩᠭᠡᠢ ᠳᠡᠭᠡᠨ ᠭᠤᠷᠪᠠ ᠪᠤᠶᠤ ᠲᠠᠪᠤ ᠪᠠᠷ | ᠱᠠᠳᠤᠯᠠᠭᠰᠠᠨ ᠰᠤᠪᠤᠷᠭ᠎ᠠ ᠶᠢᠨ ᠭᠡᠯᠪᠠᠷᠢ ᠲᠠᠢ ᠨᠢ ᠤᠯᠠᠨ ᠦᠵᠡᠭᠳᠡᠳᠡᠭ᠃ ᠲᠡᠭᠡᠭᠡᠳ ᠪᠠᠰᠠ ᠠᠶᠢᠮᠠᠭ ᠤᠨ ︵ | ᠴᠢᠭᠤᠯᠭᠠᠨ ᠤ︶ ᠤᠪᠤᠭ᠎ᠠ᠂ ᠬᠤᠰᠢᠭᠤ ᠤᠪᠤᠭ᠎ᠠ᠂ ᠰᠤᠮᠤᠨ ᠤᠪᠤᠭ᠎ᠠ᠂ ᠬᠠᠯᠠ ᠤᠪᠤᠭ ᠤᠨ ᠤᠪᠤᠭ᠎ᠠ ᠭᠡᠵᠤ | ᠪᠠᠶᠢᠳᠠᠭ᠃ ᠪᠠᠰᠠ ᠨᠠᠷᠢᠨ ᠬᠤᠪᠢᠶᠠᠪᠠᠯ ᠡᠷᠡᠴᠤᠳ ᠤᠨ ᠤᠪᠤᠭ᠎ᠠ᠂ ᠦᠬᠢᠳ ᠪᠠᠷᠢᠶᠠᠳ ᠤᠨ ᠤᠪᠤᠭ᠎ᠠ ᠪᠤᠯᠤᠨ | ᠭᠡᠤᠭᠡᠳ ᠤᠨ ᠤᠪᠤᠭ᠎ᠠ ᠁ ᠭᠡᠵᠤ ᠪᠠᠶᠢᠳᠠᠭ᠃ | ︽ᠤᠪᠤᠭ᠎ᠠ︾ ᠪᠤᠯ ᠮᠤᠩᠭᠤᠯᠴᠤᠳ ᠤᠨ ᠲᠠᠭᠢᠯᠭ᠎ᠠ ᠶᠢᠨ ᠰᠢᠳᠦᠭᠡᠨ ᠳᠤ ᠬᠠᠮᠤᠭ ᠤᠨ ᠴᠢᠬᠤᠯᠠ | ᠠᠴᠢᠶᠠᠯᠠᠪᠤᠷᠢ ᠪᠤᠯᠤᠨ ᠪᠦᠭᠡ ᠶᠢᠨ ᠱᠠᠰᠢᠨ ᠤ ᠭᠤᠤᠯ ᠪᠤᠯᠬᠤ ᠲᠠᠭᠢᠯᠭ᠎ᠠ ᠶᠢᠨ ᠶᠤᠰᠤᠯᠠᠯ ᠶᠠᠪᠤᠭᠤᠯᠳᠠᠭ ᠭᠠᠵᠠᠷ | ᠪᠤᠯᠬᠤ ᠶᠤᠮ᠃ ᠡᠭᠦᠨ ᠳᠡᠭᠡᠨ᠂ ᠴᠢᠰᠤᠨ ᠲᠠᠭᠢᠯᠭ᠎ᠠ ︵ᠠᠯᠠᠰᠢ ᠡᠷᠭᠦᠭᠦ︶᠂ ᠠᠷᠢᠭᠢᠨ ᠲᠠᠭᠢᠯᠭ᠎ᠠ ︵ᠰᠠᠭᠠᠯᠢ ᠶᠤᠮ | ᠤᠤ︖ ᠰᠠᠭᠠᠯᠢ ᠶᠢᠨ ᠠᠷᠢᠭᠢ ᠪᠠᠷ ᠰᠠᠴᠤᠯᠢ ᠡᠷᠬᠦᠨ ᠲᠠᠭᠢᠬᠤ︶︔ ᠭᠠᠯ ᠲᠠᠭᠢᠯᠭ᠎ᠠ ︵ᠭᠠᠯ ᠠᠰᠠᠭᠠᠵᠤ ᠪᠦᠭᠦᠯᠢ | ᠶᠤᠮ ᠤᠤ︖ ᠤᠭᠤᠴᠠ ᠡᠷᠭᠦᠭᠦ︶᠂ ᠬᠠᠰ ᠲᠠᠭᠢᠯᠭ᠎ᠠ ︵ᠬᠠᠰ ᠡᠳ᠋ᠯᠡᠯ ᠢᠶᠠᠷ ᠲᠠᠭᠢᠬᠤ᠂ ᠰᠡᠭᠦᠯ ᠤᠨ ᠦᠶ᠎ᠠ ᠳᠤ | ᠡᠷᠳᠡᠨᠢ ᠶᠢᠨ ᠴᠢᠯᠠᠭᠤ᠂ ᠵᠤᠭᠤᠰ ᠪᠤᠶᠤ ᠪᠤᠯᠤᠭᠰᠠᠨ ᠪᠤᠳᠠᠭ᠎ᠠ ᠪᠠᠷ ᠤᠷᠤᠯᠠᠵᠠᠢ︶ ᠭᠡᠭᠦ ᠮᠡᠳᠤ ᠪᠠᠷ ᠬᠤᠪᠢᠶᠠᠷᠢᠯᠠᠳᠠᠭ᠃ | ᠮᠤᠩᠭᠤᠯ ᠤᠷᠤᠨ ᠳᠤ ᠰᠢᠷ᠎ᠠ ᠶᠢᠨ ᠱᠠᠰᠢᠨ ᠤᠷᠤᠵᠤ ᠢᠷᠡᠭᠰᠠᠨ ᠠᠴᠠ ᠬᠤᠶᠢᠰᠢ ᠲᠠᠶᠢᠯᠦᠩᠭᠢ ᠨᠤᠳᠤᠭ ᠤᠨ ︽ | ᠣᠪᠤᠭ᠎ᠠ︾ ᠲᠠᠭᠢᠯᠭ᠎ᠠ ᠳᠤ ᠰᠢᠷ᠎ᠠ ᠶᠢᠨ ᠱᠠᠰᠢᠨ ᠤ ᠨᠦᠯᠦᠭᠡ ᠶᠢ ᠶᠡᠭᠡ ᠭᠦᠷᠳᠡᠭᠰᠠᠨ ᠪᠠᠶᠢᠪᠠ᠃ ᠭᠡᠪᠡᠴᠤ ᠭᠡᠳᠤᠨ | ᠮᠢᠩᠭᠠᠨ ᠵᠢᠯ ᠤᠨ ᠲᠤᠷᠰᠢ ᠪᠦᠭᠡ ᠶᠢᠨ ᠰᠤᠶᠤᠯ ᠢᠶᠠᠷ ᠭᠤᠤᠯ ᠰᠢᠳᠦᠭᠡᠨ ᠢᠶᠠᠨ ᠪᠤᠯᠭᠠᠵᠤ ᠪᠠᠶᠢᠭᠰᠠᠨ | ᠮᠤᠩᠭᠤᠯᠴᠤᠳ ᠢ ᠤᠳᠤᠮᠰᠢᠯᠠᠯᠳᠤ ᠰᠢᠳᠦᠭᠡᠨ ᠢᠶᠠᠨ ᠤᠷᠤ ᠮᠦᠷ ᠦᠭᠡᠢ ᠤᠷᠭᠢᠭᠳᠠᠭᠤᠯᠤᠨᠠ ᠭᠡᠰᠡᠨ | ᠤᠷᠤᠯᠳᠤᠯᠭ᠎ᠠ ᠨᠢ ᠮᠤᠬᠤᠷᠳᠠᠬᠤ ᠳᠠᠭᠠᠨ ᠰᠢᠷ᠎ᠠ ᠶᠢᠨ ᠱᠠᠰᠢᠨ ︽ᠤᠪᠤᠭ᠎ᠠ︾ ᠲᠠᠭᠢᠯᠭ᠎ᠠ ᠶᠢᠨ ᠶᠤᠰᠤᠨ ᠳᠤ | ᠪᠦᠭᠡ ᠶᠢᠨ ᠶᠤᠰᠤᠨ ᠲᠠᠢ ᠠᠷᠭ᠎ᠠ ᠪᠤᠰᠤ ᠡᠪᠰᠡᠯᠳᠤᠨ ᠵᠤᠭᠢᠴᠠᠯᠠ᠃ | ᠦᠨᠡᠨ ᠢ ᠭᠡᠯᠡᠪᠡᠯ ᠬᠤᠶᠠᠷ ᠵᠦᠢᠯ ᠤᠨ ᠰᠢᠳᠦᠭᠡᠨ ᠭᠡᠳᠦ᠋ᠢᠪᠠᠷ ᠨᠡᠯᠢᠶᠡᠳ ᠤᠨᠳᠤᠤ ᠪᠤᠯᠪᠠᠴᠤ ᠠᠮᠢ ᠠᠬᠤᠢ᠂ ᠶᠡᠭᠡ | ᠪᠠᠶᠢᠭᠠᠯᠢ ᠶᠢᠨ ᠲᠤᠬᠠᠢ ᠤᠬᠠᠭᠠᠷᠠᠮᠵᠢ ᠨᠢ ᠲᠦᠰᠦᠭᠡᠳᠡᠢ ᠪᠠᠶᠢᠳᠠᠭ᠃ ᠡᠷᠳᠡᠨ ᠠᠴᠠ ᠮᠤᠩᠭᠤᠯᠴᠤᠳ | ᠲᠡᠭᠷᠢ ᠪᠠᠨᠲ᠋ᠠᠭᠢᠵᠤ ᠭᠠᠵᠠᠷ ᠢ ᠰᠢᠳᠦᠳᠡᠭ᠃ ᠲᠡᠭᠷᠢ ᠪᠤᠯ ᠰᠦᠨᠡᠰᠤ ᠶᠢ ᠤᠯᠭᠤᠭᠰᠠᠨ ᠡᠴᠢᠭᠡ᠂ ᠭᠠᠵᠠᠷ ᠪᠤᠯ | ᠮᠠᠬᠠᠪᠤᠳ ᠢ ᠵᠠᠶᠠᠭᠠᠭᠰᠠᠨ ᠡᠭᠡ ᠭᠡᠳᠡᠭ᠃ ᠠᠯᠢᠪᠠ ᠪᠦᠭᠦᠨ ᠲᠡᠭᠷᠢ ᠲᠠᠢ᠂ ᠲᠡᠶᠢᠮᠤ ᠪᠤᠯᠬᠤᠷ ︽ᠤᠪᠤᠭ᠎ᠠ︾ ᠲᠠᠭᠢᠵᠤ | ᠪᠠᠶᠢᠭ᠎ᠠ ᠨᠢ ᠠᠯᠢᠪᠠ ᠪᠦᠭᠦᠨ ᠤ ᠲᠡᠭᠷᠢ ᠶᠢ ᠲᠠᠭᠢᠵᠤ ᠪᠠᠶᠢᠭ᠎ᠠ ᠶᠤᠰᠤ᠃ ᠤᠴᠢᠷ ᠨᠢ ᠲᠡᠭᠷᠢ ᠶᠢᠨ ᠰᠠᠭᠢᠭᠤᠯᠰᠤᠨ ᠤ | ᠭᠡᠷ ᠨᠢ ︽ᠤᠪᠤᠭ᠎ᠠ︾ ᠳᠤ ᠪᠠᠶᠢᠨ᠎ᠠ᠃ ︽ᠤᠪᠤᠭ᠎ᠠ︾ ᠪᠠᠷ ᠲᠠᠮᠵᠢᠭᠤᠯᠤᠨ ᠲᠡᠭᠷᠢ ᠳᠤ ᠲᠠᠭᠠᠳᠬᠠᠨ᠎ᠠ ᠭᠡᠳᠡᠭ ᠭᠦᠨ | ᠠᠭᠤᠯᠭ᠎ᠠ ᠶᠢ ᠬᠠᠳᠠᠭᠠᠯᠠᠵᠤ ᠪᠠᠶᠢᠭ᠎ᠠ ᠤᠳᠬ᠎ᠠ ᠲᠠᠢ᠃ ᠯᠠᠮᠠ ᠬᠤᠸᠠᠷᠠᠭ ︽ᠤᠪᠤᠭ᠎ᠠ︾ ᠲᠠᠭᠢᠯᠭ᠎ᠠ ᠳᠤ ᠢᠷᠠᠵᠤ᠂ ︽ | ᠭᠠᠨᠵᠤᠤᠷ︾᠂ ︽ᠳ᠋ᠠᠨᠵᠤᠤᠷ︾ ᠤᠨ ᠵᠠᠷᠢᠮ ᠪᠦᠯᠦᠭ ᠢ ᠤᠩᠰᠢᠨ᠂ ︽ᠨᠠᠮᠳᠠᠭ ᠰᠠᠩ︾ ᠲᠠᠯᠪᠢᠳᠠᠭ ᠤᠨ ᠤᠴᠢᠷ ᠨᠢ | ᠮᠦᠨ ᠴᠤ ᠡᠭᠦᠨ ᠳᠤ ᠤᠷᠤᠰᠢᠨ᠎ᠠ᠃ | ᠲᠡᠭᠡᠪᠡᠯ᠂ ᠮᠠᠨ ᠤ ᠬᠠᠭᠤᠴᠢᠨ ᠪᠠᠷᠭᠤᠴᠤᠤᠯ ᠤᠨ ︽ᠤᠪᠤᠭ᠎ᠠ︾ ᠪᠠ ︽ᠤᠪᠤᠭ᠎ᠠ︾ ᠲᠠᠭᠢᠯᠭ᠎ᠠ ᠨᠢ ᠶᠠᠮᠠᠷ | ᠦᠪᠡᠷᠮᠢᠴᠠ ᠤᠨᠴᠠᠯᠢᠭ ᠲᠠᠢ ᠪᠤᠢ︖ ᠭᠡᠪᠡᠯ᠄ ᠨᠠᠳᠠ ᠲᠤᠤᠷᠠᠬᠢ ᠮᠡᠳᠦ ᠭᠦᠶᠦᠭᠡᠨ ᠤᠶᠢᠯᠠᠭᠠᠯᠳᠠ ᠲᠦᠭᠦᠮᠭᠡᠨ | ᠲᠦᠷᠦᠭᠳᠡᠯ ᠲᠠᠢ᠃ | ᠶᠠᠭᠤᠨ ᠤ ᠡᠮᠤᠨ᠎ᠠ ︽ᠤᠪᠤᠭ᠎ᠠ︾ ᠶᠢᠨ ᠭᠡᠯᠪᠠᠷᠢ ᠲᠦᠷᠰᠤ ᠶᠢ ᠠᠵᠢᠭᠯᠠᠪᠠᠯ᠂ ᠬᠠᠭᠤᠴᠢᠨ ᠪᠠᠷᠭᠤ | ᠨᠤᠳᠤᠭ ᠲᠤ ᠦᠨᠤ ᠶᠢᠨ ᠠᠮᠢᠳᠤ ᠤᠪᠤᠭ᠎ᠠ ᠶᠢᠨ ᠭᠠᠳᠠᠷ ᠭᠡᠯᠪᠠᠷᠢ ᠨᠢ ᠤᠶᠢᠷ᠎ᠠ ᠤᠷᠴᠢᠨ ᠤ ᠪᠠᠨ ᠦᠨᠳᠤᠷ ᠭᠠᠵᠠᠷ ᠲᠤ | ᠴᠢᠯᠠᠭᠤ ᠪᠠᠷ ᠤᠪᠤᠭᠠᠯᠠᠨ ᠴᠤᠭᠴᠠᠯᠠᠭᠰᠠᠨ ᠪᠠᠶᠢᠳᠠᠭ᠃ ᠲᠦᠭᠦᠷᠢᠭ ᠰᠠᠭᠤᠷᠢ ᠲᠠᠢ ᠲᠡᠭᠡᠭᠰᠢ ᠪᠠᠨ ᠤᠪᠤᠭᠠᠯᠠᠵᠤ᠂ | ᠮᠤᠩᠭᠤᠯ ᠭᠡᠷ ᠤᠨ ᠤᠷᠤᠢ ᠰᠢᠬ ᠱᠤᠷᠤᠯᠵᠢᠨ ᠭᠡᠯᠪᠠᠷᠢ ᠲᠠᠢ᠃ ᠶᠡᠭᠡᠭᠡᠨ ᠴᠢᠯᠠᠭᠤ ᠪᠠᠷ ᠦᠨᠳᠤᠷ ᠰᠢᠭ ᠪᠤᠰᠬᠠᠬᠤ ᠶᠢᠨ | ᠲᠤᠯᠠ ᠬᠠᠶᠠᠭ᠎ᠠ ᠪᠠᠷ ᠨᠢ ᠬᠠᠨ᠎ᠠ ᠰᠢᠬ ᠡᠭᠴᠡᠯᠡᠨ ᠭᠦᠷᠢᠶᠡᠯᠡᠳᠡᠭ᠃ ︽ᠤᠪᠤᠭ᠎ᠠ︾ ᠶᠢᠨ ᠦᠨᠳᠤᠷ ᠤᠷᠤᠢ ᠳᠤᠨᠢ | ᠭᠤᠤᠯ ᠤᠨ ᠪᠤᠷᠭᠠᠰᠤ ᠰᠢᠭᠢᠳᠭᠡᠨ ᠪᠤᠰᠬᠠᠨ᠎ᠠ᠃ ᠬᠠᠭᠤᠴᠢᠨ ᠪᠠᠷᠭᠤᠴᠤᠤᠯ ᠤᠨ ︽ᠤᠪᠤᠭ᠎ᠠ︾ ᠶᠢᠨ ᠡᠨᠡᠭᠦ ᠬᠤᠶᠠᠷ | ᠭᠤᠤᠯ ᠮᠠᠲ᠋ᠧᠷᠢᠶᠠᠯ ᠢᠶᠠᠷ ᠡᠶᠢᠮᠤ ᠭᠡᠯᠪᠠᠷᠢ ᠲᠦᠷᠰᠤ ᠶᠢ ᠪᠦᠷᠢᠳᠦᠭᠦᠯᠦᠭᠰᠠᠨ ᠨᠢ ᠶᠠᠭ ᠦᠨᠳᠤᠷ ᠠᠭᠤᠯᠠ᠂ ᠦᠳᠭᠡᠨ | ᠰᠢᠭᠤᠢ ᠳᠤ ᠪᠠᠶᠢᠭᠰᠠᠨ ᠡᠪᠦᠭᠡ ᠲᠡᠭᠡᠳᠦᠰ ᠢᠶᠠᠨ ᠭᠦᠨᠳᠤᠳᠭᠡᠨ ᠲᠤᠷᠠᠰᠬᠠᠵᠤ᠂ ᠡᠷᠭᠦᠨ ᠲᠡᠭᠡᠳᠦᠯᠡᠵᠤ ᠪᠠᠶᠢᠭ᠎ᠠ ᠶᠢᠨ | ᠤᠴᠢᠷ ᠪᠢᠯᠠ᠃ ᠡᠷᠳᠡ ᠲᠡᠭᠡᠷ᠎ᠠ ᠦᠶ᠎ᠠ ᠳᠤ ᠪᠠᠷᠭᠤᠴᠤᠤᠯ ᠤᠨ ᠡᠪᠦᠭᠡ ᠲᠡᠭᠡᠳᠤᠰ ᠪᠠᠷᠭᠤᠳᠠᠢ ᠮᠡᠷᠭᠡᠨ | ᠲᠦᠷᠦᠬᠦᠦ ᠲᠠᠢ ᠲᠡᠭᠡᠳᠦᠯᠡ ᠠᠭᠤᠤ ᠪᠠᠶᠢᠭᠠᠯ ᠤᠨ ᠵᠡᠭᠦᠨ ᠬᠤᠶᠢᠳᠤ ᠭᠡᠰᠡᠭ ᠤᠨ ᠪᠠᠷᠭᠤᠵᠢᠨ ᠭᠤᠤᠯ ᠤᠨ ᠭᠦᠨᠳᠡᠢ | — ᠪᠠᠷᠭᠤᠵᠢᠨ ᠲᠦᠭᠦᠮ ᠳᠤ ᠰᠠᠭᠤᠷᠢᠰᠢᠨ ᠠᠮᠢᠳᠤᠷᠠᠵᠤ ᠪᠠᠶᠢᠭᠰᠠᠨ ᠢ ᠲᠡᠤᠭᠡ ᠱᠠᠰᠳᠢᠷ ᠲᠤ ᠲᠤᠳᠤᠷᠬᠠᠢ | ᠲᠡᠮᠳᠡᠭᠯᠡᠯ ᠲᠠᠢ᠃ ᠡᠨᠡᠭᠦ ᠨᠤᠳᠤᠭ ᠲᠤ ᠤᠳᠦ ᠴᠤ ᠭᠡᠳ ᠲᠦᠷᠪᠡᠨ ᠤᠯᠠᠷᠢᠯ ᠳᠤ ᠬᠠᠶᠢᠯᠳᠠᠭ ᠦᠭᠡᠢ ᠮᠦᠡᠭᠭᠡ | ᠰᠠᠷᠢᠳᠠᠭ ᠤᠷᠬᠢᠯ ᠲᠠᠢ ᠦᠨᠳᠤᠷ ᠰᠦᠷᠯᠢᠭ ᠠᠭᠤᠯᠠ ᠬᠠᠶᠢᠷᠬᠠᠳ ᠪᠤᠢ᠃ ᠭᠦᠪᠡᠭᠡ ᠭᠢᠵᠠᠭᠠᠷ ᠦᠭᠡᠢ ᠰᠢᠪᠢᠷᠢ | ᠰᠢᠭᠤᠢ ᠲᠠᠢ᠃ ᠪᠠᠶᠢᠩᠭᠤ ᠭᠠᠯ ︵ᠪᠠᠶᠢᠭᠠᠯ︶ ᠰᠢᠪᠢᠷᠢ ︵ᠤᠷᠤᠰ ᠤᠨ ᠵᠡᠭᠦᠨ ᠭᠡᠰᠡᠭ ᠤᠨ ᠰᠢᠪᠧᠷᠢᠶ᠎ᠠ︶ | ᠰᠢᠭᠤᠢ ᠠᠴᠠ ᠵᠡᠭᠦᠨᠰᠢᠯᠡᠭᠰᠠᠨ ᠬᠠᠭᠤᠴᠢᠨ ᠪᠠᠷᠭᠤᠴᠤᠤᠯ ᠶᠡᠭᠡ ᠭᠢᠩᠭᠠᠨ ᠪᠠᠭ᠎ᠠ ᠭᠢᠩᠭᠠᠨ ᠢᠶᠠᠷ ᠨᠡᠭᠦᠳᠡᠯᠯᠡᠵᠤ ᠶᠠᠪᠤᠯ᠎ᠠ | ᠃ ᠲᠡᠭᠡᠭᠦ ᠳᠡᠭᠡᠨ ᠮᠦᠨ ᠴᠤ ᠦᠨᠳᠤᠷ ᠠᠭᠤᠯᠠ᠂ ᠶᠠᠭᠰᠢ ᠤᠢ ᠠᠴᠠ ᠰᠠᠯᠤᠨ ᠬᠤᠯᠠᠳᠠᠭ᠎ᠠ ᠦᠭᠡᠢ᠃ ᠲᠠᠶᠢᠨ | ᠲᠠᠵᠢᠨ ᠳᠤ ᠲᠦᠷᠭᠢᠨ ᠶᠠᠪᠤᠭ᠎ᠠ ᠬᠠᠭᠤᠴᠢᠨ ᠪᠠᠷᠭᠤᠴᠤᠤᠯ ︽ᠤᠪᠤᠭ᠎ᠠ︾ ᠪᠠᠨ ᠭᠡᠷᠭᠢᠨ ᠪᠤᠰᠬᠠᠨ ᠲᠠᠭᠢᠵᠤ | ᠪᠠᠶᠢᠭᠰᠠᠨ ᠲᠡᠤᠭᠡᠨ ᠲᠡᠮᠳᠡᠭᠯᠡᠯ᠂ ᠲᠤᠮᠤᠭ ᠦᠯᠢᠭᠡᠷ ᠤᠳᠤ ᠭᠦᠷᠳᠡᠯ᠎ᠠ ᠤᠯᠤᠳᠠᠭᠠ ᠦᠭᠡᠢ ᠪᠠᠶᠢᠳᠠᠯ ᠳᠤ ᠵᠤᠷᠢᠭᠳᠠᠢ | ᠵᠦᠢᠴᠢᠯᠠᠶᠠ᠃ | 2014 ᠤᠨ ᠤ ᠵᠤᠨ᠂ ᠤᠷᠤᠰ ᠤᠨ ᠬᠤᠯᠪᠤᠭᠠᠨ ᠤ ᠰᠢᠨᠵᠢᠯᠡᠭᠦ ᠤᠬᠠᠭᠠᠨ ᠤ ᠭᠦᠷᠢᠶᠠᠯᠠᠩ ᠤᠨ ᠪ᠊᠂ ᠸ᠊᠂ | ᠹᠠᠽᠠᠷᠤᠸ᠋ ᠲᠠᠷᠤᠭ᠎ᠠ ᠶᠢᠨ ᠤᠷᠢᠯᠭ᠎ᠠ ᠪᠠᠷ ᠪᠤᠷᠢᠶᠠᠳ ᠭᠦᠷᠤᠨ ᠤ ᠪᠠᠷᠭᠤᠵᠢᠨ᠂ ᠬᠤᠷᠤᠮᠬᠠᠨ ᠳᠤ ᠭᠦᠯᠦᠨ ᠪᠤᠶᠢᠷ ᠤᠨ | ᠪᠠᠷᠭᠤᠴᠤᠳ ᠠᠶᠢᠯᠴᠢᠯᠠᠭᠰᠠᠨ ᠪᠢᠯᠠ᠃ ᠲᠡᠨᠳᠠ ᠪᠢᠳᠡᠨᠠᠷ ᠬᠤᠶᠠᠷ ᠤᠳᠠᠭᠠᠨ ᠤ ᠨᠤᠳᠤᠭ ᠤᠨ ᠲᠠᠭᠢᠯᠭ᠎ᠠ ᠳᠤ | ᠤᠷᠤᠯᠴᠠᠯ᠎ᠠ᠃ ᠭᠦᠷᠤᠨ ᠳᠡᠭᠡᠨ ᠴᠤᠤᠳᠠᠢ ᠨᠤᠳᠤᠭ ᠤᠨ ᠪᠦᠭᠡ ᠴᠢᠴᠢᠨᠺᠦᠸ᠋ ᠪᠤᠷᠢᠰ ᠴᠢᠪᠢᠺᠦᠸᠢᠴᠢ ︵ᠰᠡᠰᠡᠨ ᠤ | ᠰᠧᠪᠡᠭ ᠭᠡᠳᠡᠭ ᠭᠡᠵᠦ ᠦᠪᠡᠷ ᠢᠶᠠᠨ ᠨᠠᠳᠠ ᠨᠠᠷᠠ ᠪᠠᠨ ᠲᠠᠨᠢᠯᠴᠠᠭᠤᠯᠤᠭᠰᠠᠨ ᠪᠠᠶᠢᠪᠠ᠃ ᠮᠠᠨ ᠤ ᠬᠢᠨ ᠤ | ᠪᠢᠴᠢᠯᠭᠡ ᠪᠠᠷ ᠰᠠᠴᠢᠨ ᠤ ᠴᠡᠪᠡᠭ ᠪᠤᠯᠤᠯᠳᠠᠢ︶ ᠤᠷᠢᠳᠠᠪᠠᠷ ᠤᠴᠢᠭᠰᠠᠨ ᠨᠢ ᠦᠳᠭᠡᠨ ᠰᠢᠭᠤᠢ ᠶᠢᠨ ᠲᠤᠮᠳᠠ ︽ | ᠨᠦᠭᠡᠳᠡᠢ ᠴᠢᠯᠠᠭᠤᠨ︾ ᠭᠡᠳᠡᠭ ᠬᠠᠳᠠᠨ ᠤ ᠲᠤᠤᠷ᠎ᠠ ᠪᠠᠶᠢᠭ᠎ᠠ ᠲᠠᠭᠢᠯᠭ᠎ᠠ ᠶᠢᠨ ᠭᠠᠵᠠᠷ᠃ ᠠᠪᠤᠷᠭᠤ ᠰᠦᠷᠯᠢᠭ | ᠴᠢᠯᠠᠭᠤᠨ ᠬᠠᠳᠠᠨ ᠤ ᠲᠤᠤᠷ᠎ᠠ ᠭᠡᠳᠤᠨ ᠴᠢᠯᠠᠭᠤ ᠪᠠᠷ ᠭᠦᠷᠢᠶᠡᠯᠡᠭᠰᠠᠨ ᠨᠡᠭᠦᠳᠡᠯ ᠠᠶᠠᠨ ᠤ ᠲᠤᠮᠤᠬᠠᠨ ᠵᠤᠳᠬᠠ ᠰᠢᠭ᠋ | ᠲᠤᠮᠳᠠ ᠭᠦᠨᠳᠡᠢ ᠳᠤ ᠭᠠᠯ ᠲᠦᠯᠡᠵᠤ᠂ ᠲᠡᠭᠦᠨ ᠢ ᠪᠠᠨ ᠲᠤᠭᠤᠶᠢᠯᠠᠨ ᠰᠠᠭᠠᠯᠢ ᠶᠢᠨ ᠠᠷᠢᠭᠢ ︵ᠯᠤᠩᠬᠤ ᠲᠠᠢ | ᠤᠷᠤᠰ ᠤᠨ ᠸᠤᠳ᠋ᠺᠠ᠂ ᠮᠠᠨ ᠤ ᠬᠢᠨ ᠤ ᠪᠤᠳᠠᠭᠠᠨ ᠤ ᠠᠷᠢᠭᠢ ᠪᠦᠷ ᠪᠠᠶᠢᠨ᠎ᠠ︶᠂ ᠰᠦ ᠰᠠᠭᠠᠯᠢ ᠰᠦᠯᠢᠶᠤᠤ | ᠲᠠᠭᠠᠷ ᠲᠠᠢ᠂ ᠴᠠᠭᠠᠰᠤᠨ ᠭᠡᠷ ᠲᠠᠢ ᠬᠤᠳᠠᠯᠳᠤᠭᠠᠨ ᠤ ᠰᠦ︶ ᠪᠠᠨ ᠭᠠᠯ ᠳᠤ ᠡᠷᠭᠦᠭᠦ ᠳᠤ ᠠᠬᠠᠮᠠᠳ ᠪᠦᠭᠡ ᠬᠤᠶᠠᠷ | ᠱᠠᠪᠢ ︵ᠱᠠᠪᠢ ᠭᠡᠨᠡᠤ︖︶ ᠲᠠᠢ ᠪᠠᠨ ᠠᠮᠠᠨ ᠳᠠᠭᠠᠨ ᠰᠢᠪᠰᠢᠨ ᠤᠯᠠᠨ ᠢ ᠲᠠᠭᠠᠭᠤᠯᠤᠨ ᠭᠤᠷᠪᠠ ᠡᠷᠭᠢᠯᠠ ᠁ | ᠲᠠᠷᠠᠭ᠎ᠠ ᠤᠴᠢᠭᠰᠠᠨ ᠨᠢ ᠶᠠᠭᠰᠢ ᠤᠢ ᠶᠢᠨ ᠲᠤᠮᠳᠠᠭᠤᠷ ᠦᠭᠰᠦᠨ ᠭᠠᠷᠴᠤ ᠨᠢᠭᠡᠨ ᠭᠡᠰᠡᠭ ᠮᠤᠳᠤ ᠦᠭᠡᠢ ᠰᠠᠷᠠᠭᠤᠯ | ᠲᠠᠪᠠᠭᠠᠨ ᠲᠡᠭᠡᠷ᠎ᠠ᠃ | ᠪᠠᠷᠠᠭᠤᠨ ᠲᠠᠯ᠎ᠠ ᠳᠠᠭᠠᠨ ᠲᠡᠭᠷᠢ ᠲᠤᠯᠤᠮ᠎ᠠ ᠦᠨᠳᠤᠷ ᠰᠦᠷᠯᠢᠭ ᠰᠠᠶᠢᠬᠠᠨ ᠠᠭᠤᠯᠠ ᠲᠠᠢ᠃ ᠡᠮᠤᠨ᠎ᠠ | ᠬᠤᠶᠢᠨ᠎ᠠ ᠲᠠᠯ᠎ᠠ ᠪᠠᠷ ᠨᠢ ᠬᠠᠷᠠᠭ᠎ᠠ ᠠᠯᠳᠠᠮ᠎ᠠ ᠰᠢᠪᠢᠷᠢ ᠰᠢᠭᠤᠢ᠃ ᠵᠡᠭᠦᠨ ᠲᠠᠯ᠎ᠠ ᠳᠤᠨᠢ ᠦᠷᠭᠡᠨ ᠲᠡᠨᠢᠭᠡᠷ ᠦᠪᠴᠢ | ᠨᠤᠭᠤᠭᠠᠨ ᠪᠠᠷᠭᠤᠵᠢᠨ ᠭᠤᠤᠯ ᠤᠨ ᠭᠦᠨᠳᠡᠢ᠃ ᠡᠨᠡᠭᠦ ᠭᠠᠵᠠᠷ ᠢ ᠭᠤᠯᠢᠮᠠᠭᠳᠠᠢ ᠭᠡᠨ᠎ᠠ᠃ ᠪᠠᠰᠠ ᠭᠤᠯᠢᠮᠠᠭᠳᠠᠢ ᠶᠢᠨ | ᠤᠪᠤᠭ᠎ᠠ᠂ ᠪᠠᠷᠭᠤ ᠶᠢᠨ ᠤᠪᠤᠭ᠎ᠠ ᠭᠡᠳᠡᠭ᠃ ᠭᠡᠪᠡᠴᠤ ᠮᠠᠨ ᠤ ᠡᠮᠤᠨ᠎ᠠ ᠮᠦᠨ ᠤᠪᠤᠭᠠᠯᠠᠭᠰᠠᠨ ︽ᠤᠪᠤᠭ᠎ᠠ︾ | ᠬᠠᠷᠠᠭᠳᠠᠭ᠎ᠠ ᠦᠭᠡᠢ᠃ ᠵᠦᠪᠭᠡᠨ ᠬᠤᠶᠠᠷ ᠮᠧᠳ᠋ᠷ ᠤᠨ ᠳ᠋ᠢᠶᠠᠮᠧᠳ᠋ᠷ ᠲᠠᠢ ᠴᠢᠯᠠᠭᠤᠨ ᠭᠦᠷᠢᠶ᠎ᠠ ᠪᠠᠶᠢᠨ᠎ᠠ᠃ ᠲᠡᠭᠦᠨ ᠤ | ᠲᠤᠮᠳᠠ ᠭᠠᠯ ᠲᠦᠯᠡᠵᠤ ︽ᠤᠪᠤᠭ᠎ᠠ︾ ᠲᠠᠭᠢᠯᠭ᠎ᠠ ᠡᠭᠢᠯᠡᠯ᠎ᠠ᠃ ᠨᠤᠳᠤᠭ ᠤᠨ ᠴᠤᠤᠳᠤ ᠪᠦᠭᠡ ᠲᠡᠷᠢᠭᠦᠯᠡᠨ ᠠᠷᠢᠭᠢ | ᠰᠦ ᠡᠷᠭᠦᠵᠤ ︽᠁ ᠬᠤᠯᠠ ᠠᠴᠠ ᠢᠷᠡᠭᠰᠠᠨ ᠠᠶᠢᠯᠴᠢᠳ᠂ ᠨᠤᠳᠤᠭ ᠢᠶᠠᠨ ᠦᠵᠡᠵᠤ᠂ ᠲᠡᠭᠡᠳᠦᠭᠦᠯ ᠢᠶᠠᠨ | ᠲᠠᠭᠢᠬᠤ ᠪᠠᠷ ᠢᠷᠡᠭᠦ ᠳᠤᠨᠢ᠂ ᠪᠢ ᠲᠠᠭᠠᠭᠤᠯᠤᠨ ᠠᠳᠠ ᠢᠷᠠᠯ᠎ᠠ ᠁︾ ︵ᠭᠤᠤᠯ ᠤᠳᠬ᠎ᠠ ᠨᠢ︶ ᠭᠡᠮᠡᠨ | ᠰᠢᠪᠰᠢᠨ ᠪᠠᠶᠢᠪᠠ᠃ | ᠡᠨᠡᠭᠦ ᠪᠠᠷᠭᠤ ᠶᠢᠨ ︽ᠤᠪᠤᠭ᠎ᠠ︾ ᠶᠢ 1912 ᠤᠨ ᠳᠤ ᠠᠳᠤᠭᠤ ᠪᠠᠷ ᠲᠠᠭᠢᠭᠰᠠᠨ ᠠᠴᠠ ᠬᠤᠶᠢᠰᠢ | ᠬᠤᠪᠢᠰᠬᠠᠯ᠂ ᠲᠠᠶᠢᠨ ᠁ ᠮᠡᠳᠤ ᠶᠢᠨ ᠮᠡᠳᠡᠭᠡᠵᠢ ᠶᠢᠨ ᠰᠢᠯᠳᠠᠭᠠᠨ ᠠᠴᠠ ᠲᠠᠭᠢᠨ ᠲᠠᠭᠢᠭᠰᠠᠨ ᠦᠭᠡᠢ ᠭᠡᠨ᠎ᠠ᠃ | ᠬᠠᠮᠤᠭ ᠤᠨ ᠤᠶᠢᠷᠠᠬᠠᠨ ᠨᠢ 2002 ᠤᠨ ᠳᠤ ᠨᠤᠳᠤᠭ ᠤᠨ ᠰᠦᠵᠢᠭᠳᠡᠨ ᠬᠤᠨᠢ ᠰᠠᠳᠠᠷᠯᠠᠨ ᠲᠠᠭᠢᠯᠠ ᠭᠡᠨ᠎ᠠ᠃ | ᠪᠠᠷᠭᠤᠵᠢᠨ ᠳᠤ ᠤᠴᠢᠬᠤ ᠵᠠᠮ ᠲᠤᠮᠳᠠ ᠪᠠᠶᠢᠭᠠᠯ ᠲᠠᠯᠠᠢ ᠤᠷᠤᠭᠤ ᠬᠤᠰᠢᠭᠤᠷᠠᠨ ᠤᠷᠤᠭᠰᠠᠨ ᠨᠢᠭᠡ ᠵᠢᠭᠠᠬᠠᠨ | ᠬᠤᠶᠢᠭ ᠪᠤᠢ᠃ ᠡᠭᠦᠨ ᠢ ᠪᠠᠨ ︽ᠭᠢᠯᠮᠢ ᠶᠢᠨ ᠬᠤᠰᠢᠭᠤ︾ ᠭᠡᠳᠡᠭ᠃ ᠴᠢᠯᠠᠭᠤᠨ ᠲᠡᠭᠡᠷ᠎ᠠ ᠰᠢᠯᠦᠭ ᠲᠠᠢ᠄ | ︽ᠭᠢᠯᠮᠢ ᠶᠢᠨ ᠬᠤᠰᠢᠭᠤᠨ ᠡᠭᠢ ᠲᠠᠢ | ᠬᠠᠪᠳᠠᠭᠠᠢ ᠪᠠᠶᠢᠭᠠᠯ ᠱᠠᠳᠠᠷ ᠲᠠᠢ | ᠬᠠᠷᠭᠤᠢ ᠰᠤᠷᠭᠠᠭᠤᠯᠢ ᠲᠠᠪᠢᠭᠰᠠᠨ | ᠬᠠᠮ ᠤᠨ ᠰᠠᠬᠠᠷᠠᠢ ᠰᠤᠷᠭᠠᠯ︾ ︵ᠤᠤᠯ ᠪᠢᠴᠢᠯᠭᠡ ᠨᠢ ᠪᠤᠷᠢᠶᠠᠳ ᠦᠰᠦᠭ ᠢᠶᠠᠷ ᠲᠡᠮᠳᠡᠯᠡᠭᠰᠠᠨ ᠪᠠᠶᠢᠪᠠ᠃ | ᠵᠠᠷᠢᠮ ᠦᠰᠦᠭ ᠨᠢ ᠤᠨᠤᠪᠴᠢ ᠪᠠᠷᠤᠭᠳᠠᠢ ᠪᠠᠶᠢᠵᠦ ᠮᠡᠳᠡᠨ᠎ᠠ︶᠃ | ᠡᠨᠠ ᠭᠠᠵᠠᠷ ᠢ ᠪᠠᠰᠠ ᠪᠠᠶᠢᠭᠠᠯ ᠲᠠᠯᠠᠢ ᠶᠢᠨ ᠲᠠᠭᠢᠯᠭ᠎ᠠ ᠶᠢᠨ ︽ᠤᠪᠤᠭ᠎ᠠ︾ ᠭᠡᠳᠡᠭ᠃ ᠭᠡᠭᠦ ᠳᠡᠭᠡᠨ | ᠮᠠᠨ ᠤ ᠬᠢᠨ ᠤ ᠬᠢ ᠰᠢᠬ ᠲᠡᠶᠢᠮᠤ ᠤᠪᠤᠭᠠᠯᠠᠭᠰᠠᠨ ᠤᠪᠤᠭ᠎ᠠ ᠶᠡᠷᠤ ᠬᠠᠷᠠᠭᠳᠠᠭ᠎ᠠ ᠦᠭᠡᠢ᠃ | ᠡᠶᠢᠮᠤ ᠭᠡᠳᠤᠨ ᠵᠢᠱᠢᠶ᠎ᠠ ᠠᠴᠠ ᠦᠵᠡᠪᠡᠯ᠄ ᠪᠠᠷᠭᠤᠴᠤᠤᠯ ᠤᠨ ᠡᠭᠢᠨ ᠤ ᠦᠶ᠎ᠠ ᠶᠢᠨ ︽ᠤᠪᠤᠭ᠎ᠠ︾ ᠨᠤᠭᠤᠳᠵᠢᠩᠭᠢᠨᠢ | ᠤᠪᠤᠭᠠᠯᠠᠭᠰᠠᠨ ︽ᠤᠪᠤᠭ᠎ᠠ︾ ᠪᠢᠰᠢ ᠪᠠᠶᠢᠭᠰᠠᠨ᠃ ᠨᠤᠳᠤᠭ ᠲᠡᠭᠡᠷ᠎ᠠ ᠪᠠᠨ ᠭᠡᠳᠤᠨ ᠵᠠᠭᠤᠨ ᠵᠢᠯ ᠰᠠᠬᠢᠨᠠᠮᠢᠳᠤᠷᠠᠵᠤ | ᠪᠠᠶᠢᠭ᠎ᠠ ᠪᠠᠷᠭᠤᠵᠢᠨ ᠤ ᠬᠢᠨ ᠶᠠᠭᠠᠭᠢᠭᠠᠳ ᠮᠠᠨ ᠤ ᠬᠢᠨ ᠰᠢᠭ᠋ ᠤᠪᠤᠭᠠᠯᠠᠭᠰᠠᠨ ︽ᠤᠪᠤᠭ᠎ᠠ︾ ᠲᠠᠭᠢᠳᠠᠭ ᠦᠭᠡᠢ ᠪᠤᠢ | ᠭᠡᠪᠡᠯ᠂ ᠬᠠᠷᠢᠭᠤᠯᠳᠠ ᠨᠢ ᠭᠠᠭᠴᠠᠬᠠᠨ ᠪᠤᠢ᠂ ᠲᠡᠨᠳᠠ ᠶᠡᠭᠡ ᠠᠭᠤᠯᠠ ᠰᠢᠪᠢᠷᠢ ᠰᠢᠭᠤᠢ ᠲᠠᠢ᠃ ᠲᠤᠭᠳᠠᠭᠰᠠᠨ | ᠭᠠᠵᠠᠷ ᠲᠤ ᠠᠭᠤᠯᠠ ᠤᠰᠤ ᠲᠡᠭᠷᠢ ᠭᠠᠵᠠᠷ ᠢᠶᠠᠨ ᠲᠤᠭᠳᠠᠭᠰᠠᠨ ᠭᠠᠵᠠᠷ ᠲᠤᠨᠢ ᠰᠢᠭᠤᠳ ᠲᠠᠭᠢᠪᠠᠯ ᠪᠤᠯᠴᠢᠬᠠᠨ᠎ᠠ᠃ | ᠬᠠᠷᠢᠨ ᠲᠤᠰᠬᠠᠢ ᠴᠢᠯᠠᠭᠤ ᠤᠪᠤᠭᠠᠯᠠᠨ ᠪᠤᠷᠭᠠᠰᠤ ᠪᠤᠰᠬᠠᠬᠤ ᠴᠢᠬᠤᠯᠠ ᠦᠭᠡᠢ᠃ ᠬᠠᠷᠢᠨ ᠠᠭᠤᠯᠠ ᠰᠢᠭᠤᠢ ᠠᠴᠠ | ᠦᠷᠭᠡᠨ ᠲᠠᠯ᠎ᠠ ᠳᠤ ᠨᠡᠭᠦᠳᠡᠯᠯᠡᠨ ᠠᠮᠢᠳᠤᠷᠠᠭᠰᠠᠨ ᠬᠤᠶᠢᠴᠢᠴᠤᠤᠯ ᠨᠢ ᠡᠪᠦᠭᠡ ᠲᠡᠭᠡᠳᠦᠰ ᠤᠨ ᠵᠶ᠋ᠠᠨᠨᠤᠳᠤᠭᠯᠠᠨ | ᠠᠮᠢᠳᠤᠷᠠᠵᠦ ᠪᠠᠶᠢᠭᠰᠠᠨ ᠤᠤᠭᠠᠯ ᠨᠤᠳᠤᠭ ᠤᠨ ᠢᠶᠠᠨ ᠦᠨᠳᠤᠷ ᠠᠭᠤᠯᠠ ᠦᠳᠭᠡᠨ ᠤᠢ ᠪᠠᠨ ᠦᠶ᠎ᠠ ᠶᠢᠨ | ᠦᠶ᠎ᠠ ᠳᠡᠭᠡᠨ ᠮᠠᠷᠳᠠᠬᠤ ᠦᠭᠡᠢ ᠤᠯᠠᠮᠵᠢᠯᠠᠬᠤ ᠶᠢᠨ ᠲᠤᠰᠠᠳᠠ ᠦᠨᠳᠤᠷ ᠰᠢᠭ ᠤᠷᠤᠢ ᠲᠡᠭᠡᠷ᠎ᠠ ᠭᠠᠷᠴᠤ ᠦᠨᠳᠤᠷ | ᠠᠭᠤᠯᠠ ᠭᠡᠮᠠᠨ ᠴᠢᠯᠠᠭᠤ ᠠᠪᠴᠢᠷᠠᠨ ᠤᠪᠤᠭᠠᠯᠠᠭᠠᠳ ᠲᠤᠮᠳᠠ ᠨᠢ ᠭᠤᠤᠯ ᠤᠨ ᠪᠤᠷᠭᠠᠰᠤ ᠪᠤᠰᠬᠠᠨ ᠦᠳᠭᠡᠨ | ᠤᠢ ᠪᠠᠨ ᠪᠤᠯᠭᠠᠵᠤ᠂ ᠡᠪᠦᠭᠡ ᠲᠡᠭᠡᠳᠦᠭᠦᠯ ᠢᠶᠠᠨ ᠭᠦᠨᠳᠤᠯᠠᠨ ᠲᠠᠭᠢᠵᠤ ᠦᠷ᠎ᠠ ᠠᠴᠢ ᠨᠠᠷ ᠤᠨ ᠢᠶᠠᠨ ᠭᠡᠶᠢᠮᠤᠷᠢ ᠶᠢ | ᠮᠠᠨᠳᠤᠭᠤᠯᠤᠨ᠎ᠠ ᠭᠡᠰᠡᠨ ᠶᠤᠮ᠃ ᠵᠤᠭᠢᠶᠠᠯ ᠤᠨ ᠡᠭᠢᠨ ᠳᠤ ᠮᠢᠨᠤ ᠶᠠᠷᠢᠵᠤ ᠪᠠᠶᠢᠭᠰᠠᠨ ᠤ ᠤᠴᠢᠷ ᠶᠤᠰᠤᠨ ᠠᠳᠠ | ᠪᠠᠶᠢᠨ᠎ᠠ᠃ | ᠬᠠᠭᠤᠴᠢᠨ ᠪᠠᠷᠭᠤᠴᠤᠤᠯ ᠤᠨ ︽ᠤᠪᠤᠭ᠎ᠠ︾ ᠶᠢ ᠡᠶᠢᠮᠤ ᠡᠭᠦᠰᠤᠯ ᠭᠠᠷᠤᠯ ᠲᠠᠢ ᠭᠡᠵᠤ ᠦᠵᠡᠪᠡᠯ ᠡᠭᠢᠨ ᠳᠤ | ᠲᠤᠷᠠᠳᠤᠭᠰᠠᠨ ︽ᠤᠪᠤᠭ᠎ᠠ︾ ᠶᠢᠨ ᠲᠤᠬᠠᠢ ᠭᠡᠳᠤᠨ ᠵᠦᠢᠯ ᠤᠨ ᠲᠠᠶᠢᠯᠪᠤᠷᠢ ᠳᠤ ᠪᠠᠰᠠ ᠨᠢᠭᠡ ᠵᠤᠷᠪᠤᠰ ᠨᠡᠮᠡᠭᠳᠡᠭᠦ | ᠪᠤᠯᠤᠨ᠎ᠠ ᠳ᠋ᠠ᠃ ᠭᠦᠯᠦᠨ ᠪᠤᠶᠢᠷ ᠲᠤ ᠰᠠᠭᠤᠷᠢᠰᠢᠭᠰᠠᠨ ᠬᠠᠭᠤᠴᠢᠨ ᠪᠠᠷᠭᠤᠴᠤᠤᠯ ᠤᠨ ︽ᠤᠪᠤᠭ᠎ᠠ︾ ᠡᠶᠢᠮᠤ | ᠪᠠᠶᠢᠬᠤ ᠳᠤ ᠤᠳᠤ ᠨᠢᠭᠡᠨᠳᠠ ᠭᠢᠳᠡᠳᠴᠢᠯᠠᠭᠰᠠᠨ ᠬᠠᠭᠤᠴᠢᠨ ᠪᠠᠷᠭᠤᠴᠤᠤᠯ ︵ᠴᠢᠪᠴᠢᠨ᠂ ᠬᠤᠷᠯᠠᠳ᠂ ᠵᠢᠯᠭᠡᠮᠡᠭ | ᠵᠡᠷᠭᠡ ᠬᠠᠯᠨ ᠲᠠᠢ ᠴᠢᠴᠢᠬᠠᠷ ᠤᠨ ᠪᠠᠷᠭᠤ︶ ᠨᠢᠭᠡᠨᠳᠠ ᠲᠠᠷᠢᠶᠠᠯᠠᠩ ᠤᠨ ᠰᠤᠶᠤᠯ ᠢᠶᠠᠷ ᠭᠤᠷᠪᠠᠨ ᠵᠠᠭᠤ ᠭᠠᠷᠤᠢ ᠵᠢᠯ | ᠠᠮᠢᠳᠤᠷᠠᠵᠤ ᠪᠠᠶᠢᠭᠰᠠᠨ ᠴᠤ ︽ᠤᠪᠤᠭ᠎ᠠ︾ ᠲᠠᠭᠢᠬᠤ ᠶᠤᠰᠤ ᠪᠠᠨ ᠰᠦᠨᠡᠰᠤᠨ ᠳᠡᠭᠡᠨ ᠬᠤᠶᠢᠮᠤᠷᠯᠠᠭᠰᠠᠭᠠᠷ᠃ | 2013 ᠤᠨ ᠤ ᠬᠠᠭᠤᠴᠢᠨ ᠪᠠᠷᠭᠤ ᠶᠢᠨ ᠭᠡᠳᠤᠨ ᠵᠠᠯᠠᠭᠤᠰ ᠲᠠᠢ ᠬᠠᠷᠠᠮᠦ᠋ᠷᠠᠨ ᠮᠤᠵᠢ ᠶᠢᠨ ᠴᠢᠴᠢᠬᠠᠷ | ᠬᠤᠳᠠᠨ ᠤ ᠭᠤᠤᠲ᠋ᠧᠤ ᠲᠤᠰᠬᠤᠨ ᠳᠤ ᠭᠡᠭᠡᠷ᠎ᠠ ᠶᠢᠨ ᠪᠠᠶᠢᠴᠠᠭᠠᠯᠳᠠ ᠭᠢᠭᠦ ᠳᠤ ᠬᠤᠶᠠᠷ ᠵᠠᠭᠤ ᠭᠦᠷᠭᠦ ᠦᠭᠡᠢ | ᠲᠦᠷᠪᠡᠨᠬᠠᠯᠠ ᠶᠢᠨ ᠪᠠᠷᠭᠤᠴᠤᠤᠯ ᠪᠠᠶᠢᠯ᠎ᠠ᠃ ᠪᠠᠷᠭᠤ ᠭᠡᠯᠡ ᠪᠠᠶᠢᠳᠤᠭᠠᠢ ᠨᠤᠳᠤᠭ ᠤᠨ ᠮᠤᠩᠭᠤᠯ ᠭᠡᠯᠡᠨ ᠳᠡᠭᠡᠨ ᠴᠤ | ᠲᠠᠭ ᠤᠯᠤᠰ ᠤᠳ᠃ ᠲᠡᠳᠡᠨ ᠤ ᠲᠡᠭᠡᠳᠤᠰ 1689 ᠤᠨ ᠤ ᠦᠶᠡᠰ ᠢᠶᠠᠷ ᠨᠤᠨ ᠮᠦᠷᠠᠨ ᠤ ᠭᠦᠪᠡᠭᠡᠨ ᠤ ᠠᠩᠴᠢ᠂ | ᠬᠠᠷ᠎ᠠ ᠡᠷᠬᠢ ᠠᠴᠠ 200 ᠡᠷᠦᠭᠡ ᠠᠳᠠ ᠢᠷᠠᠯ᠎ᠠ ᠭᠡᠳᠡᠭ ᠭᠡᠵᠦ ᠯᠠᠭᠯᠠᠢ ᠭᠡᠳᠡᠭ ᠭᠡᠷ ᠤᠨ ᠨᠠᠷᠠ ᠲᠠᠢ ᠡᠪᠤᠭᠡᠵᠢᠶᠠᠷ | ᠭᠦᠮᠤᠨ ᠶᠠᠷᠢᠭᠰᠠᠨ ᠪᠠᠶᠢᠪᠠ᠃ ᠰᠤᠨᠢᠷᠬᠠᠯᠳᠠᠢ ᠨᠢ ᠪᠦᠭᠦ ᠪᠠᠶᠢᠳᠠᠯ ᠨᠢ ᠪᠦᠷ ᠭᠢᠳᠡᠳᠴᠢᠯᠠᠭᠰᠠᠨ ᠴᠤ ︽ᠤᠪᠤᠭ᠎ᠠ︾ | ᠪᠠᠨ ᠲᠠᠭᠢᠵᠤ ᠪᠠᠶᠢᠨ᠎ᠠ᠃ ᠲᠠᠷᠠ ︽ᠤᠪᠤᠭ᠎ᠠ︾ ᠭᠡᠳᠡᠭ ᠨᠢ ᠲᠤᠰᠬᠤᠨ ᠤ ᠵᠠᠬ᠎ᠠ ᠶᠢᠨ ᠨᠢᠭᠡ ᠮᠦ ᠭᠦᠷᠭᠦ ᠦᠭᠡᠢ | ᠵᠢᠵᠢᠭᠭᠡᠨ ᠲᠤᠪᠤᠷᠴᠠᠭ ᠲᠡᠭᠡᠷ᠎ᠠ ᠬᠤᠶᠠᠷ ᠮᠧᠳ᠋ᠷ ᠭᠢᠷᠢ ᠦᠨᠳᠤᠷ ᠮᠠᠶᠢᠬᠠᠨ ᠨᠢᠷᠤᠭᠤ ᠲᠠᠢ ᠤᠯᠠᠭᠠᠨ ᠲᠤᠭᠤᠰᠬᠠᠨ | ᠪᠠᠶᠢᠰᠢᠩ ᠰᠢᠤ ᠪᠠᠷᠢᠯᠭ᠎ᠠ ᠪᠤᠰᠬᠠᠭᠠᠳ ᠬᠤᠶᠢᠮᠤᠷ ᠲᠤᠨᠢ ︽ᠤᠪᠤᠭ᠎ᠠ ᠶᠢᠨ ᠰᠠᠭᠤᠳᠠᠯ︾ ᠭᠡᠮᠡᠨ ᠪᠢᠴᠢᠭᠡᠰᠤ ᠲᠠᠢ᠃ | ᠭᠡᠭᠦ ᠳᠡᠭᠡᠨ ᠰᠤᠶᠤᠯ ᠤᠨ ᠲᠦᠪᠰᠢᠨ ᠤ ᠤᠴᠢᠷ ᠠᠴᠠ ᠤᠤ︖ ᠲᠡᠳᠡᠨ ᠤ ᠲᠤᠰᠬᠠᠢ ᠨᠠᠷᠠᠶᠢᠳᠤᠯ ᠤᠤ︖ ᠪᠤᠤ | ᠮᠡᠳᠠ᠃ ᠶᠠᠷᠤᠳᠠ ᠶᠢᠨ ᠭᠢᠳᠡᠳ ᠢᠶᠠᠷ ︽敖包︾ ᠭᠡᠳᠡᠭ ᠪᠢᠴᠢᠯᠭᠡ ᠠᠴᠠ ᠦᠭᠡᠷ᠎ᠠ ︽傲保︾ ᠭᠡᠵᠤ | ᠪᠢᠴᠢᠭᠰᠡᠨ ᠪᠠᠶᠢᠪᠠ᠃ ᠬᠤᠶᠠᠷ ᠬᠠᠵᠠᠭᠤ ᠪᠠᠷ ᠨᠢ ︽ᠤᠪᠤᠭ᠎ᠠ ᠠᠳᠠ ᠰᠠᠭᠤᠷᠢ ᠲᠠᠢ᠂ ᠭᠤᠤᠲ᠋ᠧᠤ ᠶᠢᠨ ᠭᠦᠮᠤᠰ | ᠵᠢᠷᠭᠠᠯᠳᠠᠢ︾ ᠭᠡᠵᠦ ᠪᠢᠴᠢᠭᠡᠳ᠂ ᠲᠡᠭᠡᠷ᠎ᠠ ᠲᠠᠯ᠎ᠠ ᠳᠤᠨᠢ ︽ᠡᠷᠭᠦᠨ ᠲᠠᠭᠢᠨ᠎ᠠ᠂ ᠭᠦᠰᠡᠯ ᠪᠦᠭᠦᠨ ᠢ ᠬᠠᠩᠭᠠᠨ᠎ᠠ︾ | ᠭᠡᠮᠡᠨ ᠤᠯᠠᠭᠠᠨ ᠫᠠᠶᠢᠵᠠᠨ ᠲᠡᠭᠡᠷ᠎ᠠ ᠪᠢᠴᠢᠭᠡᠰᠤᠳᠠᠢ ᠪᠠᠶᠢᠪᠠ᠃ ᠡᠭᠦᠨ ᠢ ᠬᠠᠷᠠᠭᠠᠳ ᠲᠤᠳᠤᠷ᠎ᠠ ᠮᠢᠨᠢ | ᠭᠢᠳᠡᠳᠴᠤᠳ ᠤᠨ ᠭᠦᠨᠳᠤᠯᠠᠨ ᠲᠠᠭᠢᠳᠠᠭ ᠭᠠᠵᠠᠷ ᠤᠨ ᠰᠠᠬᠢᠭᠤᠯᠰᠤᠨ ᠤ ᠰᠦᠮ᠎ᠠ ︽土地庙︾ ᠶᠢ ᠡᠷᠭᠡ | ᠦᠭᠡᠢ ᠰᠠᠨᠠᠵᠤ ᠲᠤᠳᠤᠷ᠎ᠠ ᠲᠤᠩ ᠰᠤᠨᠢᠨ ᠪᠤᠯᠤᠯ᠎ᠠ᠃ | ᠶᠠᠭᠤ ᠪᠤᠯᠤᠭᠰᠠᠨ ᠴᠤ ᠬᠠᠷᠠᠭ᠎ᠠ ᠠᠯᠳᠠᠮ ᠰᠠᠷᠠᠭᠤᠯ ᠲᠠᠯ᠎ᠠ ᠳᠤ ᠨᠡᠭᠦᠳᠡᠯᠯᠡᠨ ᠠᠮᠢᠳᠤᠷᠠᠭᠰᠠᠨ ᠬᠠᠭᠤᠴᠢᠨ | ᠪᠠᠷᠭᠤᠴᠤᠤᠯ ᠴᠢᠯᠠᠭᠤ ᠤᠪᠤᠭᠠᠯᠠᠨ ᠪᠤᠷᠭᠠᠰᠤ ᠪᠤᠰᠬᠠᠭᠰᠠᠨ ︽ᠤᠪᠤᠭ᠎ᠠ︾ ᠲᠠᠢ ᠪᠤᠯᠬᠤ ᠳᠤ ᠲᠠᠷᠢᠶᠠᠯᠠᠬᠤ | ᠰᠤᠶᠤᠯ ᠤᠨ ᠦᠷᠭᠡᠨ ᠲᠠᠯᠠᠢ ᠲᠤᠮᠳᠠ ᠵᠢᠵᠢᠭᠭᠡᠨ ᠵᠠᠪᠢ ᠪᠠᠷ ᠤᠳᠤᠮᠰᠢᠯ ᠢᠶᠠᠨ ᠮᠠᠷᠳᠠᠭ᠎ᠠ ᠦᠭᠡᠢ ︽ᠤᠪᠤᠭ᠎ᠠ︾ ᠪᠠᠨ | ᠲᠡᠭᠡᠳᠤᠯᠠᠨ ᠲᠠᠭᠢᠵᠤ ᠢᠷᠡᠭᠰᠠᠨ ᠡᠨᠠ ᠭᠡᠳᠦᠭᠡᠨ ᠴᠢᠴᠢᠬᠠᠷ ᠤᠨ ᠪᠠᠷᠭᠤᠴᠤᠤᠯ ᠤᠨ ︽ᠤᠪᠤᠭ᠎ᠠ︾ ᠶᠢ ︽ᠤᠪᠤᠭ᠎ᠠ︾ | ᠪᠢᠰᠢ ᠭᠡᠭᠦ ᠶᠢᠨ ᠶᠤᠰᠤ ᠨᠢᠭᠡ ᠴᠤ ᠠᠯᠠᠭ᠎ᠠ᠃ ᠦᠨᠠᠨ ᠢ ᠭᠡᠯᠡᠭᠦ ᠳᠤ ᠬᠠᠭᠤᠴᠢᠨ ᠪᠠᠷᠭᠤ ᠬᠤᠰᠢᠭᠤᠨ ᠤ | ᠪᠠᠷᠭᠤᠴᠤᠤᠯ ᠤᠨ ︽ᠤᠪᠤᠭ᠎ᠠ︾ ᠪᠠᠰᠠᠴᠤ ᠬᠤᠪᠢᠷᠠᠯᠳᠠ ᠦᠭᠡᠢ ᠪᠢᠰᠢ ᠳ᠋ᠠ᠃ ︽ᠤᠪᠤᠭ᠎ᠠ︾ ᠶᠢᠨ ᠭᠡᠯᠪᠠᠷᠢ | ᠲᠦᠷᠰᠤ ᠠᠴᠠ ᠠᠪᠤᠭᠠᠳ ᠵᠠᠷᠢᠮ ᠵᠦᠢᠯᠡᠰ᠂ ᠵᠢᠱᠢᠶ᠎ᠠ ᠨᠢ᠄ ᠲᠠᠪᠤᠨ ᠦᠩᠭᠡ ᠶᠢᠨ ᠬᠠᠳᠠᠭ ᠡᠯᠭᠦᠭᠦ ᠨᠢ ᠴᠤ ᠭᠡᠰᠠᠨ | ᠠᠯᠳᠠᠨ ᠬᠠᠭᠠᠨ ᠤ ᠦᠶ᠎ᠠ ᠳᠤ ᠮᠤᠩᠭᠤᠯ ᠤᠨ ᠭᠦᠭᠡ ᠬᠠᠳᠠᠭ ᠤᠨ ᠰᠠᠭᠤᠷᠢᠨ ᠲᠡᠭᠡᠷ᠎ᠠ ᠴᠠᠭᠠᠨ ᠰᠢᠷ᠎ᠠ ᠤᠯᠠᠭᠠᠨ | ᠨᠤᠭᠤᠭᠠᠨ ᠤᠳᠬ᠎ᠠ ᠪᠦᠭᠦᠢ ᠲᠦᠷᠪᠡᠨ ᠦᠩᠭᠡ ᠶᠢᠨ ᠬᠠᠳᠠᠭ ᠨᠡᠮᠡᠵᠤ ᠤᠯᠤᠰ ᠤᠨ ᠶᠡᠭᠡ ᠪᠠᠭᠰᠢ ᠯᠠᠮᠠ ᠪᠠᠷ | ᠲᠦᠪᠡᠳ ᠲᠤ ᠭᠦᠷᠭᠡᠭᠦᠯᠦᠭᠰᠠᠨ ᠁ | ᠪᠠᠰᠠ ᠨᠢᠭᠡ ᠵᠢᠱᠢᠶ᠎ᠠ ᠨᠢ᠄ ︽ᠤᠪᠤᠭ᠎ᠠ︾ ᠶᠢᠨ ᠭᠤᠤᠯ ᠳᠤ ᠪᠤᠰᠬᠠᠭᠰᠠᠨ ᠦᠨᠳᠤᠷ ᠮᠤᠳᠤ ᠶᠢ ︽ᠰᠢᠭᠡᠩ︾ | ᠭᠡᠵᠤ ︵旗杆︶ ᠭᠢᠳᠡᠳ ᠢᠶᠠᠷ ᠲᠠᠭᠤᠳᠠᠬᠤ ᠠᠴᠠ ᠪᠢᠰᠢ ᠬᠠᠷᠢᠨ ᠪᠦᠭᠦ ᠮᠤᠩᠭᠤᠯᠴᠤᠳ ᠤᠨ ᠠᠳᠠᠯᠢ ᠪᠠᠷ ︽ | ᠰᠤᠷᠤᠭᠴᠢᠨ︾ ᠭᠡᠳᠡᠭ ᠦᠭᠡᠢ᠃ ᠪᠠᠰᠠ ᠵᠠᠷᠢᠮ ︽ᠤᠪᠤᠭ᠎ᠠ︾ ᠲᠠᠭᠢᠯᠭ᠎ᠠ ᠨᠢ ᠯᠠᠮᠠ ᠬᠤᠸᠠᠷᠠᠭ ᠰᠤᠯᠢᠵᠤ | ᠠᠪᠴᠢᠷᠠᠭᠠᠳ ᠨᠤᠮ ᠰᠠᠩ ᠲᠠᠯᠪᠢᠳᠠᠭ ᠁ ᠭᠡᠭᠦ ᠮᠡᠳᠤ ᠪᠠᠷ ᠲᠡᠤᠭᠡᠨ ᠭᠦᠭᠵᠢᠯ ᠤᠨ ᠲᠤᠷᠰᠢ ᠡᠯ᠎ᠠ ᠲᠠᠯ᠎ᠠ ᠶᠢᠨ | ᠨᠦᠯᠦᠭᠡ ᠲᠦᠷᠢᠯᠳᠠ ᠶᠢ ᠠᠷᠭ᠎ᠠ ᠦᠭᠡᠢ ᠶᠤᠮ ᠤᠤ︖ ᠠᠶᠠᠨᠳᠠᠭᠠᠨ ᠭᠦᠯᠢᠶᠠᠨ ᠠᠪᠤᠭᠰᠠᠨ ᠢ ᠶᠠᠭᠤ ᠭᠡᠯᠳᠠᠢ ᠪᠢᠯᠡ᠃ | ᠶᠠᠭᠤ ᠪᠤᠯᠤᠭᠰᠠᠨ ᠴᠤ ᠬᠠᠭᠤᠴᠢᠨ ᠪᠠᠷᠭᠤᠴᠤᠤᠯ ᠤᠨ ︽ᠤᠪᠤᠭ᠎ᠠ︾ ᠶᠢᠨ ᠲᠤᠬᠠᠢ ᠦᠪᠡᠷ ᠤᠨ ᠮᠦᠴᠢᠳᠭᠡᠨ | ᠤᠶᠢᠯᠠᠭᠠᠮᠵᠢ ᠪᠠᠨ ᠲᠦᠭᠦᠮᠭᠡᠨ ᠲᠤᠭᠠᠴᠢᠭᠰᠠᠨ ᠢ ᠠᠰᠠᠯᠠᠨ ᠤᠩᠰᠢᠵᠤ ᠠᠭᠤᠴᠢᠯᠠᠨ ᠰᠤᠨᠢᠷᠬᠠᠮᠦ︕ | ᠵᠣᠬᠢᠶᠠᠭᠴᠢ᠄ ᠰᠦᠷᠤᠩᠪᠠᠳᠤ |