ᠪᠠᠷᠭᠤ ᠪᠠᠭᠠᠲᠤᠷ ᠪᠠ ᠪᠠᠷᠭᠤᠳᠠᠢ ᠮᠡᠷᠭᠡᠨ ᠪᠣᠯ ᠪᠠᠷᠭᠤ ᠪᠤᠷᠢᠶᠠᠳ ᠶᠠᠰᠤᠲᠠᠨ ᠤ ᠲᠡᠦᠬᠡᠨ ᠳᠤ ᠴᠢᠬᠤᠯᠠ | ᠪᠠᠶᠢᠷᠢ ᠰᠠᠭᠤᠷᠢ ᠲᠠᠢ ᠬᠦᠮᠦᠰ ᠶᠤᠮ᠃ ᠲᠡᠳᠡᠨ ᠤ ᠲᠣᠬᠠᠢ ᠲᠡᠦᠬᠡ ᠰᠤᠳᠤᠷ ᠠᠴᠠ ᠯᠠᠪᠯᠠᠵᠦ ᠦᠵᠡᠶ᠎ᠡ᠃ | ᠨᠢᠭᠡ᠂ ᠪᠠᠷᠭᠤ ᠪᠠᠭᠠᠲᠤᠷ ᠤᠨ ᠲᠣᠬᠠᠢ | ︽ᠲᠡᠦᠬᠡ ᠲᠡᠮᠳᠡᠭᠯᠡᠯ ᠠᠴᠠ ᠪᠠᠷᠭᠤ ᠭᠡᠭᠴᠢ ᠬᠦᠮᠦᠨ ᠪᠣᠯ ᠱᠧᠯᠤᠨ ᠲᠠᠢ ᠨᠢᠭᠡ ᠦᠶ᠎ᠡ ᠶᠢᠨ ᠬᠦᠮᠦᠨ | ᠪᠠᠶᠢᠬᠰᠠᠨ ᠢ ᠮᠡᠳᠡᠵᠡᠢ᠃ ᠱᠧᠯᠤᠨ ᠪᠣᠯ 4 ᠳ᠋ᠤᠭᠡᠷ ᠵᠠᠭᠤᠨ ᠤ ᠰᠡᠭᠦᠯᠴᠢ ᠦᠶ᠎ᠡ ᠶᠢᠨ ᠿᠸᠦ ᠿᠠᠨ ᠤ ᠲᠦᠷᠦᠭᠦᠦ ᠶᠤᠮ᠃ | ᠲᠡᠶᠢᠮᠦ ᠠᠴᠠ ᠪᠠᠷᠭᠤ ᠭᠡᠭᠴᠢ ᠬᠦᠮᠦᠨ ᠪᠣᠯ ᠮᠥᠨ 4 ᠳ᠋ᠤᠭᠡᠷ ᠵᠠᠭᠤᠨ ᠤ ᠰᠡᠭᠦᠯᠴᠢ ᠦᠶ᠎ᠡ ᠶᠢᠨ ᠬᠦᠮᠦᠨ ᠪᠣᠯᠬᠤ ᠨᠢ | ᠯᠠᠪᠲᠠᠢ︾ ᠭᠡᠵᠤ ᠬᠦᠯᠦᠨ ᠪᠤᠶᠢᠷ ᠳᠡᠭᠡᠳᠦ ᠰᠤᠷᠭᠠᠭᠤᠯᠢ ᠶᠢᠨ ᠵᠠᠯᠠᠭᠤ ᠡᠷᠳᠡᠮᠲᠡᠨ ᠱ᠊᠂ ᠰᠤᠩᠳᠤᠢ ︽ᠡᠷᠲᠡᠨ ᠤ ᠪᠠᠷᠭᠤ | ᠶᠠᠰᠤᠲᠠᠨ ᠤ ᠲᠣᠬᠠᠢ︾ ᠭᠡᠬᠦ ᠡᠷᠳᠡᠮ ᠰᠢᠨᠵᠢᠯᠡᠭᠡᠨ ᠤ ᠦᠭᠦᠯᠡᠯ ᠳᠡᠭᠡᠨ ᠣᠯᠠᠨ ᠵᠦᠢᠯ ᠤᠨ ᠲᠡᠦᠬᠡ ᠰᠤᠳᠤᠷ ᠤᠨ | ᠦᠨᠳᠦᠰᠦ ᠪᠠᠷᠢᠮᠲᠠ ᠠᠴᠠ ᠡᠰᠢ ᠲᠠᠲᠠᠵᠦ ᠪᠢᠴᠢᠭᠰᠡᠨ ᠪᠠᠶᠢᠳᠠᠭ᠃ ᠪᠠᠷᠭᠤ ᠪᠠᠭᠠᠲᠤᠷ ᠤᠨ ᠲᠣᠬᠠᠢ ᠳᠠᠬᠢᠨ ᠶᠠᠮᠠᠷ ᠰᠢᠦ | ᠰᠤᠳᠤᠯᠤᠯ ᠤᠳ ᠪᠠᠶᠢᠳᠠᠭ ᠪᠤᠢ ᠭᠡᠪᠡᠯ᠂ ︽ᠪᠠᠷᠭᠤ ᠪᠣᠯ ᠳᠣᠮᠤᠭ ᠲᠤ ᠭᠠᠷᠳᠠᠭ ᠰᠢᠭ᠋ ᠠᠷᠵᠠᠭᠠᠷ ᠬᠠᠷ᠎ᠠ ᠮᠠᠩᠭᠤᠰ ᠢ | ᠳᠠᠷᠤᠵᠦ ᠴᠢᠳᠠᠳᠠᠭ ᠷᠢᠳᠢ ᠰᠢᠳᠢ ᠲᠠᠢ ᠰᠠᠶᠢᠨ ᠡᠷ᠎ᠡ ᠪᠠᠶᠢᠬᠰᠠᠨ ᠲᠤᠯᠠ ᠣᠶᠢᠷ᠎ᠠ ᠣᠷᠴᠢᠮ ᠳᠠᠭᠠᠨ ᠲᠣᠩ | ᠠᠯᠳᠠᠷᠰᠢᠵᠠᠢ᠃ ᠲᠡᠭᠡᠭᠡᠳ ᠲᠡᠭᠦᠨ ᠤ ᠬᠠᠷᠢᠶᠠᠨ ᠳᠤ ᠣᠯᠠᠨ ᠠᠶᠢᠮᠠᠭ ᠤᠳ ᠴᠤᠭᠯᠠᠷᠠᠨ ᠢᠷᠡᠵᠦ ᠣᠯᠠᠨ ᠢᠶᠠᠷ ᠢᠶᠠᠨ | ᠲᠡᠭᠦᠨ ᠢ ︽ᠪᠠᠷᠭᠤ ᠪᠠᠭᠠᠲᠤᠷ︾ ᠭᠡᠵᠤ ᠡᠷᠭᠦᠪᠡ ᠭᠡᠵᠤ ᠳᠡᠭᠡᠷ᠎ᠡ ᠳᠤᠷᠠᠳᠤᠬᠰᠠᠨ ᠵᠠᠯᠠᠭᠤ ᠡᠷᠳᠡᠮᠲᠡᠨ ︽ᠡᠷᠲᠡᠨ ᠤ | ᠪᠠᠷᠭᠤ ᠶᠠᠰᠤᠲᠠᠨ︾ ᠭᠡᠬᠦ ᠨᠣᠮ ᠳᠠᠭᠠᠨ ᠪᠢᠴᠢᠭᠰᠡᠨ ︵41 — 42 ᠳ᠋ᠤᠭᠠᠷ ᠨᠢᠭᠤᠷ︶᠃ ᠡᠭᠦᠨ ᠠᠴᠠ ᠦᠵᠡᠪᠡᠯ | ᠨᠡᠶᠢᠲᠡ ᠶᠢᠨ ᠣᠨ ᠲᠣᠭᠠᠯᠠᠯ ᠤᠨ ᠳᠦᠷᠪᠡᠳᠦᠭᠡᠷ ᠵᠠᠭᠤᠨ ᠤ ᠰᠡᠭᠦᠯᠴᠢ ᠦᠶ᠎ᠡ ᠶᠢᠨ ᠨᠢᠷᠤᠭᠤᠨ ︵ᠿᠸᠦ ᠿᠠᠨ︶ | ᠮᠣᠩᠭᠤᠯ ᠬᠠᠭᠠᠨᠲᠤ ᠤᠯᠤᠰ ᠤᠨ ᠰᠢᠷᠦᠭᠦᠨ ︵ᠱᠧᠯᠤᠨ︶ ᠬᠠᠭᠠᠨ ᠤ ᠬᠠᠷᠢᠶᠠᠨ ᠳᠤ ᠪᠠᠶᠢᠬᠰᠠᠨ ᠪᠠᠷᠭᠤ ᠠᠶᠢᠮᠠᠭ ᠤᠨ | ᠲᠦᠷᠦᠭᠦᠦ ᠪᠠᠷᠭᠤ ᠭᠡᠳᠡᠭ ᠬᠦᠮᠦᠨ ᠪᠣᠯ ᠳᠠᠷᠤᠢ ︽ᠪᠠᠷᠭᠤ ᠪᠠᠭᠠᠲᠤᠷ︾ ᠮᠥᠨ᠃ | ᠡᠨᠡ ᠬᠦ ᠪᠠᠷᠭᠤ ᠪᠠᠭᠠᠲᠤᠷ ᠤᠨ ᠲᠣᠬᠠᠢ ᠯᠣᠮᠪᠣᠴᠢᠷᠡᠨ ᠭᠡᠬᠦ ᠡᠷᠳᠡᠮᠲᠡᠨ ︽ᠮᠣᠩᠭᠤᠯ ᠪᠤᠷᠢᠶᠠᠳ ᠤᠨ ᠲᠡᠦᠬᠡ︾ | ᠭᠡᠬᠦ ᠨᠣᠮ ᠳᠠᠭᠠᠨ ᠪᠠᠶᠢᠭᠠᠯᠢ ᠳᠠᠯᠠᠢ ᠶᠢᠨ ᠡᠷᠭᠢ ᠳᠤ ᠬᠦᠭᠡᠰᠦ ᠰᠠᠬᠠᠷᠠᠭᠤᠯᠤᠨ ᠣᠷᠬᠢᠷᠠᠵᠦ ᠪᠠᠶᠢᠬᠰᠠᠨ ︽ᠬᠦᠬᠡ ᠪᠤᠬ᠎ᠠ︾ | ᠭᠡᠵᠤ ᠰᠢᠳᠢᠴᠢᠯᠡᠨ ᠲᠡᠮᠳᠡᠭᠯᠡᠵᠦ᠂ ᠣᠶᠢᠷᠠᠳ ᠠᠶᠢᠮᠠᠭ ᠤᠨ ᠠᠱᠦ᠋ᠢᠭᠠᠨ ᠢᠳᠤᠭᠠᠨ ᠲᠠᠢ ᠠᠶᠢᠯ ᠭᠡᠷ ᠪᠣᠯᠵᠦ᠂ ︽ᠤᠳᠠᠯ | ᠦᠭᠡᠢ ᠢᠳᠤᠭᠠᠨ ᠵᠢᠷᠮᠦᠰᠦᠨ ᠪᠣᠯᠵᠦ᠂ ᠬᠤᠶᠠᠷ ᠬᠦᠪᠡᠭᠦᠨ ᠲᠦᠷᠦᠭᠰᠡᠨ ᠤ ᠶᠡᠭᠡ ᠨᠢ ᠪᠤᠷᠢᠶᠠᠳᠠᠢ᠂ ᠪᠠᠭ᠎ᠠ ᠨᠢ | ᠬᠤᠷᠢᠲᠠᠢ ᠬᠡᠮᠡᠬᠦ ᠪᠣᠯᠤᠭᠰᠠᠨ ᠠᠵᠠᠢ︾ ᠭᠡᠵᠤ ᠪᠢᠴᠢᠭᠡᠳ᠂ ᠪᠤᠷᠢᠶᠠᠳᠠᠢ ᠨᠢ ᠢᠭᠢᠷᠢᠳ᠂ ᠪᠤᠯᠠᠭᠠᠳ ᠭᠡᠬᠦ ᠬᠤᠶᠠᠷ | ᠬᠦᠦ ᠲᠠᠢ ᠪᠣᠯᠵᠦ᠂ ᠢᠭᠢᠷᠢᠳ ᠨᠢ ᠨᠠᠢᠮᠠᠨ ᠬᠦᠦ ᠲᠠᠢ ᠪᠣᠯᠵᠦ᠂ ᠪᠤᠯᠠᠭᠠᠳ ᠨᠢ ᠵᠢᠷᠭᠤᠭᠠᠨ ᠬᠦᠦ ᠲᠠᠢ ᠪᠣᠯᠤᠭᠰᠠᠨ | ᠭᠡᠵᠤ ᠪᠢᠴᠢᠭᠰᠡᠨ ᠪᠠᠶᠢᠨ᠎ᠠ᠃ ᠪᠠᠷᠭᠤ ᠪᠠᠭᠠᠲᠤᠷ ᠤᠨ ᠪᠠᠭ᠎ᠠ ᠬᠦᠦ ᠬᠤᠷᠢᠲᠠᠢ ᠶᠢᠨ ᠲᠣᠬᠠᠢ ᠯᠣᠮᠪᠣᠴᠢᠷᠡᠨ᠂ ᠡᠮᠦᠨ᠎ᠡ | ᠳᠤᠷᠠᠳᠤᠭᠰᠠᠨ ᠨᠣᠮ ᠳᠠᠭᠠᠨ ᠪᠦᠷ ᠴᠦ ᠰᠢᠳᠢ ᠣᠷᠤᠭᠤᠯᠤᠨ ᠲᠡᠮᠳᠡᠭᠯᠡᠵᠦ ᠬᠤᠷᠢᠲᠠᠢ ᠨᠢ ᠬᠤᠨ ᠰᠢᠪᠠᠭᠤ ᠲᠠᠢ ᠠᠶᠢᠯ | ᠭᠡᠷ ᠪᠣᠯᠵᠦ᠂ ᠠᠷᠪᠠᠨ ᠨᠢᠭᠡᠨ ᠬᠦᠦ ᠲᠠᠢ ᠪᠣᠯᠪᠠ ᠭᠡᠵᠤ ᠪᠢᠴᠢᠭᠰᠡᠨ ᠪᠠᠶᠢᠨ᠎ᠠ᠃ ᠠᠷᠪᠠᠨ ᠨᠢᠭᠡᠨ ᠬᠦᠪᠡᠭᠦᠨ ᠤ ᠨᠡᠷ᠎ᠡ ᠶᠢ | ᠮᠣᠩᠭᠤᠯ ᠤᠯᠤᠰ ᠤᠨ ᠱ᠊᠂ ᠭᠠᠳᠠᠮᠪᠠ᠂ ᠳ᠋᠊᠂ ᠴᠡᠷᠡᠨᠰᠣᠳᠨᠠᠮ ᠨᠠᠶᠢᠷᠠᠭᠤᠯᠵᠦ᠂ ᠴ᠊᠂ ᠳᠠᠮᠳᠢᠨᠰᠦ᠋ᠷᠦᠩ ᠬᠢᠨᠠᠭᠰᠠᠨ | ︽ᠮᠣᠩᠭᠤᠯ ᠠᠷᠠᠳ ᠤᠨ ᠠᠮᠠᠨ ᠵᠣᠬᠢᠶᠠᠯ ᠤᠨ ᠳᠡᠭᠡᠵᠢ ᠪᠢᠴᠢᠭ︾ ᠤᠨ ᠤᠭᠰᠠᠭᠠᠲᠠᠨ ᠲᠠᠢ ᠬᠤᠯᠪᠤᠭᠳᠠᠬᠤ ᠳᠣᠮᠤᠭ | ᠭᠡᠬᠦ ᠪᠦᠯᠦᠭ ᠲᠠᠬᠢ ︽ᠬᠤᠷᠢ ᠲᠦᠮᠡᠳ ᠬᠤᠷᠢᠲᠠᠢ ᠮᠡᠷᠭᠡᠨ ᠤ ᠳᠣᠮᠤᠭ ᠲᠤ︾ ᠬᠦᠪᠦᠳ᠂ ᠭᠠᠯᠵᠠᠭᠤᠳ᠂ ᠬᠤᠸᠠᠰᠠᠢ᠂ | ᠬᠠᠯᠪᠢᠨ᠂ ᠪᠠᠲᠤᠨᠠᠢ᠂ ᠬᠤᠳᠠᠢ᠂ ᠭᠦᠰᠢᠳ ︵ᠬᠤᠱᠤᠳ︶᠂ ᠴᠠᠭᠠᠨ᠂ ᠱᠠᠷᠠᠶᠢᠳ᠂ ᠪᠣᠳᠤᠩᠭᠤᠳ᠂ ᠬᠠᠷᠠᠭᠠᠨ᠎ᠠ ᠭᠡᠵᠤ | ᠲᠡᠮᠳᠡᠭᠯᠡᠭᠰᠡᠨ ᠪᠠᠶᠢᠨ᠎ᠠ᠃ ᠡᠳᠡᠭᠡᠷ ᠠᠴᠠ ᠦᠵᠡᠬᠦ ᠳᠤ ᠪᠠᠷᠭᠤ ᠪᠠᠭᠠᠲᠤᠷ ᠪᠣᠯ ᠨᠡᠶᠢᠲᠡ ᠶᠢᠨ ᠣᠨ ᠲᠣᠭᠠᠯᠠᠯ ᠤᠨ | ᠳᠦᠷᠪᠡᠳᠦᠭᠡᠷ ᠵᠠᠭᠤᠨ ᠤ ᠰᠡᠭᠦᠯᠴᠢ ᠦᠶ᠎ᠡ ᠳᠤ ᠪᠠᠶᠢᠭᠠᠯ ᠳᠠᠯᠠᠢ ᠣᠷᠣᠨ ᠳᠤ ᠠᠮᠢᠳᠤᠷᠠᠵᠦ ᠶᠠᠪᠤᠭᠰᠠᠨ ᠪᠠᠷᠭᠤ | ᠶᠠᠰᠤᠲᠠᠨ ᠤ ᠨᠢᠭᠡᠨ ᠦᠶ᠎ᠡ ᠶᠢᠨ ᠲᠡᠦᠬᠡᠲᠦ ᠪᠠᠭᠠᠲᠤᠷ ᠬᠦᠮᠦᠨ ᠮᠥᠨ᠂ ᠪᠠᠰᠠ ᠴᠦ ᠣᠳᠣ ᠦᠶ᠎ᠡ ᠶᠢᠨ ᠬᠤᠷᠢ | ᠪᠤᠷᠢᠶᠠᠳ ᠵᠣᠨ ᠤ ᠡᠪᠦᠭᠡ ᠳᠡᠭᠡᠳᠦᠰ ᠮᠥᠨ ᠠᠵᠢ᠃ | ᠬᠤᠶᠠᠷ᠂ ᠪᠠᠷᠭᠤᠳᠠᠢ ᠮᠡᠷᠭᠡᠨ ᠤ ᠲᠣᠬᠠᠢ | ︽ᠮᠣᠩᠭᠤᠯ ᠤᠨ ᠨᠢᠭᠤᠴᠠ ᠲᠣᠪᠴᠢᠶᠠᠨ︾ ᠤ ᠶᠡᠭᠡ ᠰᠤᠳᠤᠯᠭᠠᠲᠠᠨ ᠠᠷᠳᠠᠵᠠᠪ ᠡᠷᠳᠡᠮᠲᠡᠨ ᠤ ᠣᠳᠣᠬᠢ | ᠬᠡᠯᠡᠨ ᠳᠤ ᠰᠡᠶᠢᠷᠡᠭᠦᠯᠦᠭᠰᠡᠨ ︽ᠮᠣᠩᠭᠤᠯ ᠤᠨ ᠨᠢᠭᠤᠴᠠ ᠲᠣᠪᠴᠢᠶᠠᠨ︾ ᠠᠴᠠ ᠪᠠᠷᠭᠤᠳᠠᠢ ᠮᠡᠷᠭᠡᠨ ᠤ ᠲᠤᠬᠠᠢ | ᠬᠡᠰᠡᠭ ᠢ ᠰᠡᠶᠢᠷᠡᠭᠦᠯᠪᠡᠯ ᠳᠣᠣᠷᠠᠬᠢ ᠮᠡᠲᠦ᠄ ︽ᠲᠡᠳᠡᠪᠦᠯᠦᠭ ᠢᠷᠭᠡᠨ ᠪᠣᠯ ᠬᠤᠷᠢ ᠲᠦᠮᠡᠳ ᠤᠨ ᠨᠣᠶᠠᠨ ᠬᠤᠷᠢᠯᠠᠷᠳᠠᠢ | ᠮᠡᠷᠭᠡᠨ ᠤ ᠬᠢᠨ ᠠᠵᠢ᠃ ᠬᠤᠷᠢᠯᠠᠷᠳᠠᠢ ᠮᠡᠷᠭᠡᠨ᠂ ᠬᠦᠯ ᠪᠠᠷᠭᠤᠵᠢᠨ ᠲᠦᠬᠦᠮ ᠤᠨ ᠡᠵᠡᠨ ᠪᠠᠷᠭᠤᠳᠠᠢ ᠮᠡᠷᠭᠡᠨ ᠤ ᠥᠬᠢᠨ | ᠪᠠᠷᠭᠤᠵᠢᠨ ᠭᠤᠸ᠎ᠠ ᠶᠢ ᠭᠡᠷᠭᠡᠢ ᠪᠣᠯᠭᠠᠨ ᠠᠪᠤᠭᠰᠠᠨ ᠪᠢᠯᠡ᠃ ᠬᠤᠷᠢ ᠲᠦᠮᠡᠳ ᠤᠨ ᠭᠠᠵᠠᠷ ᠤᠨ ᠠᠷᠢᠭ ᠤᠰᠤᠨ | ᠭᠤᠣᠯ ᠳᠤ ᠬᠤᠷᠢᠯᠠᠷᠳᠠᠢ ᠮᠡᠷᠭᠡᠨ ᠤ ᠭᠡᠷᠭᠡᠢ ᠪᠠᠷᠭᠤᠵᠢᠨ ᠭᠤᠸ᠎ᠠ ᠠᠴᠠ ᠲᠦᠷᠦᠭᠰᠡᠨ ᠠᠯᠤᠨ ᠭᠤᠸ᠎ᠠ ᠨᠡᠷᠡᠲᠡᠢ ᠥᠬᠢᠨ | ᠲᠡᠷᠡ ᠪᠤᠶᠤ︾᠃ | ᠡᠨᠡ ᠬᠡᠰᠡᠭ ᠲᠤ ᠪᠠᠷᠭᠤᠳᠠᠢ ᠮᠡᠷᠭᠡᠨ ᠠᠴᠠ ᠭᠠᠳᠠᠨ᠎ᠠ᠂ ᠲᠡᠭᠦᠨ ᠤ ᠬᠦᠷᠭᠡᠨ ᠬᠤᠷᠢᠯᠠᠷᠳᠠᠢ ᠮᠡᠷᠭᠡᠨ᠂ ᠲᠡᠭᠦᠨ ᠤ | ᠥᠬᠢᠨ ᠪᠠᠷᠭᠤᠵᠢᠨ ᠭᠤᠸ᠎ᠠ᠂ ᠲᠡᠭᠦᠨ ᠤ ᠵᠢᠭᠡ ᠥᠬᠢᠨ ᠠᠯᠤᠨ ᠭᠤᠸ᠎ᠠ ᠶᠢᠨ ᠨᠡᠷ᠎ᠡ ᠭᠠᠷᠴᠤ ᠪᠠᠶᠢᠨ᠎ᠠ᠃ | ᠲᠡᠭᠡᠪᠡᠯ ᠪᠠᠷᠭᠤᠳᠠᠢ ᠮᠡᠷᠭᠡᠨ ᠴᠣᠬᠤᠮ ᠠᠯᠢ ᠦᠶ᠎ᠡ ᠶᠢᠨ ᠬᠦᠮᠦᠨ ᠪᠤᠢ︖ ᠪᠠᠷᠭᠤᠳᠠᠢ ᠮᠡᠷᠭᠡᠨ ᠤ ᠵᠢᠭᠡ | ᠥᠬᠢᠨ ᠠᠯᠤᠨ ᠭᠤᠸ᠎ᠠ᠂ ᠲᠣᠷᠤᠭᠤᠯᠵᠢᠨ ᠪᠠᠶᠠᠨ ᠤ ᠬᠦᠦ ᠲᠤᠪᠤᠨ ᠮᠡᠷᠭᠡᠨ ᠲᠠᠢ ᠠᠦᠶᠡ ᠶᠢᠨ ᠬᠦᠮᠦᠰ ᠪᠣᠯᠬᠤ ᠨᠢ | ᠲᠣᠳᠤᠷᠬᠠᠢ ᠪᠠᠶᠢᠨ᠎ᠠ᠃ ᠡᠭᠦᠨ ᠠᠴᠠ ᠵᠦᠢᠴᠢᠯᠡᠨ ᠪᠣᠳᠤᠪᠠᠯ ᠠᠯᠤᠨ ᠭᠤᠸ᠎ᠠ ᠶᠢᠨ ᠡᠴᠢᠭᠡ ᠡᠬᠡ ᠬᠤᠷᠢᠯᠠᠷᠳᠠᠢ ᠮᠡᠷᠭᠡᠨ | ᠪᠣᠯᠤᠨ ᠪᠠᠷᠭᠤᠵᠢᠨ ᠭᠤᠸ᠎ᠠ ᠪᠣᠯ ᠲᠣᠪᠤᠨ ᠮᠡᠷᠭᠡᠨ ᠤ ᠡᠴᠢᠭᠡ ᠡᠬᠡ ᠲᠣᠷᠤᠭᠤᠯᠵᠢᠨ ᠪᠠᠶᠠᠨ ᠪᠣᠯᠤᠨ ᠪᠣᠷᠤᠭᠴᠢᠨ | ᠭᠤᠸ᠎ᠠ ᠲᠠᠢ ᠨᠢᠭᠡ ᠦᠶ᠎ᠡ ᠶᠢᠨ ᠬᠦᠮᠦᠨ ᠪᠣᠯᠤᠨ᠎ᠠ᠂ ᠢᠩᠭᠢᠬᠦᠯᠡᠷ ᠪᠠᠷᠭᠤᠳᠠᠢ ᠮᠡᠷᠭᠡᠨ ᠪᠣᠯ ᠲᠣᠷᠤᠭᠤᠯᠵᠢᠨ ᠪᠠᠶᠠᠨ ᠤ | ᠡᠴᠢᠭᠡ ᠪᠣᠷᠵᠢᠭᠢᠳᠠᠢ ᠮᠡᠷᠭᠡᠨ ᠲᠠᠢ ᠨᠢᠭᠡ ᠦᠶ᠎ᠡ ᠶᠢᠨ ᠬᠦᠮᠦᠨ ᠶᠤᠮ ᠪᠠᠶᠢᠨ᠎ᠠ᠃ | ᠪᠣᠷᠵᠢᠭᠢᠳᠠᠢ ᠮᠡᠷᠭᠡᠨ ᠪᠣᠯ ᠨᠡᠶᠢᠲᠡ ᠶᠢᠨ ᠣᠨ ᠲᠣᠭᠠᠯᠠᠯ ᠤᠨ ᠶᠢᠰᠦᠳᠦᠭᠡᠷ ᠵᠠᠭᠤᠨ ᠤ ᠦᠶ᠎ᠡ ᠳᠤ ᠠᠮᠢᠳᠤᠷᠠᠵᠦ | ᠪᠠᠶᠢᠬᠰᠠᠨ ᠬᠦᠮᠦᠨ ᠶᠤᠮ᠃ ᠢᠩᠭᠢᠪᠡᠯ ᠪᠣᠷᠵᠢᠭᠢᠳᠠᠢ ᠮᠡᠷᠭᠡᠨ ᠲᠠᠢ ᠨᠢᠭᠡ ᠦᠶ᠎ᠡ ᠶᠢᠨ ᠪᠠᠷᠭᠤᠳᠠᠢ ᠮᠡᠷᠭᠡᠨ ᠴᠦ ᠮᠥᠨ | ᠶᠢᠰᠦᠳᠦᠭᠡᠷ ᠵᠠᠭᠤᠨ ᠤ ᠦᠶ᠎ᠡ ᠶᠢᠨ ᠬᠦᠮᠦᠨ ᠶᠤᠮ ᠪᠠᠶᠢᠨ᠎ᠠ᠃ | ᠳᠡᠭᠡᠷᠡᠬᠢ ᠲᠣᠳᠤᠷᠬᠠᠶᠢᠯᠠᠯᠲᠠ ᠠᠴᠠ ᠦᠵᠡᠪᠡᠯ᠂ ᠪᠠᠷᠭᠤ ᠪᠠᠭᠠᠲᠤᠷ ᠪᠣᠯᠤᠨ ᠪᠠᠷᠭᠤᠳᠠᠢ ᠮᠡᠷᠭᠡᠨ ᠪᠣᠯ ᠬᠤᠶᠠᠷ | ᠦᠶ᠎ᠡ ᠶᠢᠨ ᠬᠦᠮᠦᠰ ᠪᠣᠯᠬᠤ ᠨᠢ ᠢᠯᠡᠬᠡᠨ ᠪᠠᠶᠢᠨ᠎ᠠ᠂ ᠲᠡᠷᠡ ᠬᠤᠶᠠᠷ ᠤᠨ ᠬᠤᠭᠤᠷᠤᠨᠳᠤ ᠲᠠᠪᠤᠨ ᠵᠠᠭᠤᠭᠠᠳ ᠵᠢᠯ ᠤᠨ | ᠵᠠᠢ ᠪᠠᠶᠢᠨ᠎ᠠ᠃ ᠨᠢᠭᠡ ᠵᠠᠭᠤᠨ ᠳᠤ ᠳᠦᠷᠪᠡᠨ ᠦᠶ᠎ᠡ ᠪᠠᠶᠢᠳᠠᠭ ᠢᠶᠠᠷ ᠪᠣᠳᠤᠪᠠᠯ ᠲᠡᠷᠡ ᠬᠤᠶᠠᠷ ᠤᠨ ᠬᠤᠭᠤᠷᠤᠨᠳᠤ | ᠪᠠᠷᠤᠭ ᠬᠤᠷᠢᠭᠠᠳ ᠦᠶ᠎ᠡ ᠪᠣᠯᠬᠤ ᠲᠦᠯᠦᠪ ᠲᠠᠢ ᠪᠠᠶᠢᠨ᠎ᠠ᠃ | ᠡᠨᠡ ᠳᠠᠯᠢᠮ ᠳᠤ ᠪᠤᠷᠢᠶᠠᠳ ᠤᠨ ᠤᠳᠤᠮ ᠤᠨ ᠠᠯᠤᠨ ᠭᠤᠸ᠎ᠠ ᠪᠣᠯᠤᠨ ︽ᠮᠣᠩᠭᠤᠯ ᠤᠨ ᠨᠢᠭᠤᠴᠠ | ᠲᠣᠪᠴᠢᠶᠠᠨ︾ ᠤ ᠠᠯᠤᠨ ᠭᠤᠸ᠎ᠠ ᠬᠤᠶᠠᠷ ᠴᠦ ᠨᠢᠭᠡ ᠬᠦᠮᠦᠨ ᠪᠢᠰᠢ ᠭᠡᠳᠡᠭ ᠰᠤᠷᠠᠭ ᠢ ᠲᠣᠪᠴᠢ ᠳᠤᠷᠠᠳᠪᠠᠯ᠂ | ᠮᠣᠩᠭᠤᠯ ᠤᠯᠤᠰ ᠤᠨ ᠠᠬᠠᠶᠢᠳ ᠰᠠᠷᠠᠶᠢᠳ ᠳᠤᠭᠠᠷᠵᠠᠪ ᠤᠨ ᠳᠠᠮᠳᠢᠨᠵᠠᠪ ᠭᠡᠳᠡᠭ ᠡᠷᠳᠡᠮᠲᠡᠨ ︽ᠪᠦᠷᠲᠡ ᠴᠢᠨ᠋ᠸ᠎ᠠ᠂ | ᠠᠯᠤᠨ ᠭᠤᠸ᠎ᠠ ᠶᠢᠨ ᠰᠤᠳᠤᠯᠭᠠᠨ ᠤ ᠵᠠᠷᠢᠮ ᠠᠰᠠᠭᠤᠳᠠᠯ ᠳᠤ︾ ᠭᠡᠬᠦ ᠨᠣᠮ ᠳᠠᠭᠠᠨ ︽ᠪᠤᠷᠢᠶᠠᠳ ᠤᠳᠤᠮ ᠤᠨ ᠠᠯᠤᠨ | ᠭᠤᠸ᠎ᠠ ᠪᠣᠯ ︿ᠮᠣᠩᠭᠤᠯ ᠤᠨ ᠨᠢᠭᠤᠴᠠ ᠲᠣᠪᠴᠢᠶᠠᠨ﹀ ᠤ ᠠᠯᠤᠨ ᠭᠤᠸ᠎ᠠ ᠪᠢᠰᠢ ᠭᠡᠳᠡᠭ ᠳ᠋ᠦᠩᠨᠡᠯᠲᠡ ᠳᠤ ᠬᠦᠷᠭᠡᠵᠦ | ᠪᠠᠶᠢᠨ᠎ᠠ︾ ᠭᠡᠵᠤ ᠪᠢᠴᠢᠭᠰᠡᠨ ᠪᠠᠶᠢᠨ᠎ᠠ ᠪᠢᠯᠡ᠃ |