ᠡᠪᠡᠷ ᠰᠤᠶᠤᠯ ᠬᠡᠮᠡᠭᠴᠢ ᠮᠤᠩᠭᠤᠯᠴᠤᠳ ᠤᠨ ᠠᠮᠢᠳᠠᠨ ᠤ ᠡᠪᠡᠷ ᠤᠨ ᠲᠤᠬᠠᠢ ᠥᠵᠡᠯᠳᠡ ᠤᠢᠢᠯᠠᠭᠠᠯᠳᠠ᠂ | ᠰᠡᠳᠬᠢᠭᠦᠢ᠂ ᠭᠤᠸ᠎ᠠ ᠤᠬᠠᠮᠰᠠᠷ ᠵᠡᠷᠭᠡ ᠳᠤ ᠰᠠᠭᠤᠷᠢᠯᠠᠨ ᠡᠭᠦᠰᠴᠤ ᠪᠥᠷᠢᠯᠳᠥᠭᠰᠡᠨ ᠰᠤᠶᠤᠯ ᠤᠨ ᠥᠵᠡᠭᠳᠡᠯ ᠢ ᠵᠢᠭᠠᠵᠦ | ᠪᠤᠢ᠃ | ᠡᠪᠡᠷ ᠨᠢ ᠡᠪᠡᠷᠳᠤ ᠠᠮᠢᠳᠠᠨ ᠤ ᠨᠢᠭᠡ ᠡᠷᠬᠡᠳᠡᠨ ᠪᠤᠯᠪᠠᠴᠤ ᠠᠯᠢ ᠡᠷᠳᠡ ᠠᠴᠠ ᠮᠤᠩᠭᠤᠯᠴᠤᠳ ᠤᠨ ᠥᠵᠡᠯᠳᠡ | ᠤᠢᠢᠯᠠᠭᠠᠯᠳᠠ᠂ ᠠᠮᠢᠳᠤᠷᠠᠯ ᠠᠬᠤᠢ ᠶᠢ ᠨᠥᠯᠥᠭᠡᠯᠡᠭᠰᠡᠭᠡᠷ ᠢᠷᠡᠭᠰᠡᠨ ᠪᠠᠶᠢᠨ᠎ᠠ᠃ ᠲᠤᠬᠠᠢᠢᠯᠠᠪᠠᠯ ᠮᠤᠩᠭᠤᠯᠴᠤᠳ ᠤᠨ | ᠡᠳᠤᠷ ᠲᠤᠳᠤᠮ ᠤᠨ ᠡᠳ᠋ᠯᠡᠯ ᠬᠡᠷᠡᠭᠰᠡᠯ᠂ ᠨᠠᠭᠠᠳᠤᠮ᠂ ᠲᠤᠭᠯᠠᠭᠠᠮ᠂ ᠤᠷᠠᠯᠢᠭ᠂ ᠥᠯᠢᠭᠡᠷ ᠲᠤᠤᠯᠢ ᠬᠦᠷᠳᠡᠯ᠎ᠡ ᠬᠥᠨ | ᠨᠥᠯᠥᠭᠡ ᠬᠥᠨᠵᠡᠬᠡᠢ ᠲᠤᠰᠬᠠᠯ ᠥᠵᠡᠭᠦᠯᠥᠭᠡᠳ ᠮᠤᠩᠭᠤᠯ ᠰᠤᠶᠤᠯ ᠤᠨ ᠤᠨᠴᠠᠯᠢᠭ ᠢ ᠬᠠᠷᠠᠭᠤᠯᠤᠭᠰᠠᠨ ᠡᠪᠡᠷ | ᠰᠤᠶᠤᠯ ᠢ ᠪᠤᠢ ᠪᠤᠯᠭᠠᠪᠠ᠃ ᠲᠡᠷᠡ ᠪᠤᠯ ᠮᠤᠩᠭᠤᠯᠴᠤᠳ ᠤᠨ ᠨᠡᠭᠦᠳᠡᠯ ᠮᠠᠯᠵᠢᠯ ᠤᠨ ᠰᠤᠶᠤᠯ ᠤᠨ ᠴᠢᠬᠤᠯᠠ ᠨᠢᠭᠡᠨ | ᠬᠡᠰᠡᠭ ᠪᠤᠯᠤᠨ᠎ᠠ᠃ | ᠡᠪᠡᠷ ᠬᠡᠷᠡᠭᠰᠡᠯ | ᠮᠤᠩᠭᠤᠯ ᠤᠨ ᠦᠨᠳᠤᠷᠯᠢᠭ ᠤᠨ ᠨᠡᠭᠦᠳᠡᠯᠴᠢᠨ ᠥᠨᠳᠤᠰᠤᠳᠡᠨ ᠠᠯᠢ ᠡᠷᠳᠡ ᠬᠠᠭᠤᠴᠢᠨ ᠵᠡᠪᠰᠡᠭ ᠤᠨ | ᠦᠶ᠎ᠡ ᠠᠴᠠ ᠶᠠᠰᠤᠨ ᠪᠠᠭᠠᠵᠢ ᠬᠡᠷᠡᠭᠯᠡᠵᠦ᠂ ᠠᠷᠰᠯᠠᠨ᠂ ᠵᠠᠭᠠᠨ ᠤ ᠰᠤᠶᠤᠭ᠎ᠠ᠂ ᠪᠤᠭᠤ ᠶᠢᠨ ᠡᠪᠡᠷ ᠵᠡᠷᠭᠡ ᠶᠠᠰᠤᠨ | ᠡᠳ᠋ ᠢᠶᠠᠷ ᠵᠢᠳᠠ᠂ ᠰᠢᠪᠦᠭᠡ᠂ ᠵᠡᠭᠦᠥ᠂ ᠵᠠᠪᠠ ᠬᠢᠳᠡᠭ ᠪᠤᠯᠤᠭᠰᠠᠨ ᠪᠠᠶᠢᠨ᠎ᠠ᠃ ᠮᠤᠩᠭᠤᠯᠴᠤᠳ ᠴᠤ ᠡ᠊ᠨᠡ ᠬᠦ ᠰᠤᠶᠤᠯ ᠤᠨ | ᠤᠯᠠᠮᠵᠢᠯᠠᠯ ᠢ ᠵᠠᠯᠭᠠᠮᠵᠢᠯᠠᠨ ᠠᠪᠤᠭᠰᠠᠨ ᠪᠥᠭᠡᠳ ᠤᠯᠠᠮ ᠪᠠᠶᠠᠯᠢᠬᠵᠢᠭᠤᠯᠤᠨ ᠬᠥᠭᠵᠢᠬᠦᠯᠵᠦ᠂ ᠡᠪᠡᠷ ᠢᠶᠠᠷ ᠵᠢᠳᠡ᠂ | ᠰᠢᠪᠦᠭᠡ᠂ ᠵᠡᠭᠦᠥ᠂ ᠵᠡᠪᠡ ᠮᠡᠳᠤ ᠶᠢᠨ ᠥᠵᠥᠭᠦᠷᠳᠤ ᠵᠡᠪᠰᠡᠭ ᠬᠢᠵᠦ ᠪᠠᠶᠢᠭᠰᠠᠨ ᠠᠴᠠ ᠪᠠᠨ ᠬᠤᠵᠢᠮ ᠠᠶᠠᠭ᠎ᠠ᠂ | ᠬᠤᠨᠳᠠᠭ᠎ᠠ᠂ ᠤᠭᠵᠢ᠂ ᠨᠤᠮᠤ᠂ ᠪᠦᠷᠢᠶ᠎ᠡ᠂ ᠴᠢᠳᠤᠷ ᠤᠨ ᠴᠠᠭᠳᠠ᠂ ᠬᠢᠳᠤᠭ᠎ᠠ ᠶᠢᠨ ᠬᠤᠢ᠂ ᠬᠤᠷᠤᠭᠤᠪᠴᠢ᠂ ᠬᠤᠭᠤᠷ ᠤᠨ | ᠲᠠᠪᠠ᠂ ᠬᠠᠯᠪᠠᠭ᠎ᠠ᠂ ᠰᠢᠨᠠᠭ᠎ᠠ᠂ ᠮᠠᠭᠠᠵᠤᠤᠷ᠂ ᠲᠤᠪᠴᠢ ᠵᠡᠷᠭᠡ ᠶᠢᠨ ᠤᠯᠠᠨ ᠲᠥᠷᠥᠯ ᠤᠨ ᠶᠠᠭᠤᠮ᠎ᠠ ᠶᠢ ᠶᠠᠩᠵᠤᠯᠠᠨ ᠬᠢᠵᠦ᠂ | ᠡᠳᠤᠷ ᠲᠤᠳᠤᠮ ᠤᠨ ᠠᠮᠢᠳᠤᠷᠠᠯ ᠳᠤ ᠪᠠᠨ ᠬᠡᠷᠡᠭᠯᠡᠭᠰᠡᠭᠡᠷ ᠢᠷᠡᠭᠰᠡᠨ ᠶᠤᠮ᠃ | ᠡᠪᠡᠷ ᠤᠷᠠᠯᠢᠭ | ᠡᠪᠡᠷ ᠨᠢ ᠠᠮᠢᠳᠠᠨ ᠤ ᠴᠤᠭ ᠵᠢᠪᠬᠤᠭ᠎ᠠ᠂ ᠰᠥᠷ ᠬᠥᠴᠥᠨ ᠪᠤᠯᠤᠨ ᠭᠤᠸ᠎ᠠ ᠰᠠᠶᠢᠬᠠᠨ ᠢ ᠢᠯᠡᠷᠡᠭᠦᠯᠳᠡᠭ | ᠨᠢᠭᠡᠨ ᠡᠷᠬᠡᠳᠡᠨ᠂ ᠮᠥᠨ ᠴᠤ ᠥᠪᠡᠷ ᠢ ᠪᠠᠨ ᠬᠠᠮᠠᠭᠠᠯᠠᠵᠦ᠂ ᠦᠭᠡᠷ᠎ᠡ ᠪᠤᠰᠤᠳ ᠲᠠᠢ ᠲᠡᠮᠡᠴᠡᠯᠳᠥᠬᠦ ᠶᠢᠨ ᠵᠡᠷ ᠵᠡᠪᠰᠡᠭ | ᠬᠡᠮᠡᠷ ᠶᠤᠮ᠃ ᠡᠪᠡᠷ ᠨᠢ ᠠᠪᠠ ᠠᠩᠨᠠᠭᠤᠷ᠂ ᠮᠠᠯ ᠠᠵᠦ ᠠᠬᠤᠢ ᠡᠷᠬᠢᠯᠡᠳᠡᠭ ᠡᠷᠳᠡᠨ ᠤ ᠠᠶᠢᠮᠠᠭ ᠤᠳ ᠤᠨ ᠭᠤᠶᠤ | ᠴᠢᠮᠡᠭᠯᠡᠯ ᠳᠤ ᠵᠥᠡᠭᠳᠡᠭᠡᠨ ᠬᠡᠷᠡᠭᠯᠡᠳᠡᠭ ᠬᠡᠯᠪᠡᠷᠢ ᠪᠤᠯᠤᠭᠰᠠᠨ ᠪᠢᠯᠡ᠃ ᠮᠤᠩᠭᠤᠯᠴᠤᠳ ᠴᠤ ᠠᠯᠢ ᠡᠷᠳᠡ ᠠᠴᠠ | ᠡᠪᠡᠷ ᠤᠨ ᠬᠡᠯᠪᠡᠷᠢ ᠶᠢ ᠭᠤᠸ᠎ᠠ ᠰᠠᠶᠢᠬᠠᠨ᠂ ᠰᠥᠷ ᠬᠥᠴᠥᠨ ᠤ ᠪᠡᠯᠭᠡ ᠲᠡᠮᠳᠡᠭ ᠪᠤᠯᠭᠠᠨ ᠡᠷᠬᠢᠮᠯᠡᠨ ᠤᠷᠠᠯᠢᠬᠵᠢᠭᠤᠯᠤᠨ | ᠬᠡᠷᠡᠭᠯᠡᠭᠰᠡᠭᠡᠷ ᠢᠷᠡᠵᠠᠢ᠃ ᠭᠡᠬᠦ ᠳᠤ ᠪᠠᠨ ᠮᠤᠩᠭᠤᠯᠴᠤᠳ ᠤᠨ ᠡᠮᠡᠭᠳᠠᠢ ᠶᠢᠨ ᠬᠡᠵᠢᠬᠡᠨ ᠤ ᠬᠡᠯᠪᠡᠷᠢ᠂ ᠬᠡ ᠤᠭᠠᠯᠵᠠ᠂ | ᠠᠷᠠᠳ ᠤᠨ ᠠᠮᠠᠨ ᠵᠤᠬᠢᠶᠠᠯ ᠳᠤ ᠭᠤᠤᠯᠴᠠᠭᠤ ᠲᠤᠰᠬᠠᠯ ᠢᠶᠠᠨ ᠤᠯᠤᠭᠰᠠᠨ ᠪᠠᠶᠢᠨ᠎ᠠ᠃ | ᠡᠪᠡᠷ ᠬᠡᠵᠢᠭᠡ | ᠮᠤᠩᠭᠤᠯ ᠡᠮᠡᠭᠳᠡᠶᠢᠴᠤᠳ ᠬᠡᠵᠢᠭᠡ ᠪᠠᠨ ᠡᠪᠡᠷ ᠬᠡᠯᠪᠡᠷᠢ ᠪᠠᠷ ᠵᠠᠰᠠᠨ ᠴᠢᠮᠡᠭᠯᠡᠳᠡᠭ᠃ ᠲᠡᠷᠡ ᠨᠢ ᠥᠵᠡᠬᠦ ᠳᠤ | ᠡᠪᠡᠷ ᠰᠢᠭ ᠰᠥᠷᠯᠢᠭᠦᠨ᠂ ᠥᠨᠳᠤᠰᠤᠳᠡᠨ ᠤ ᠤᠨᠴᠠᠯᠢᠭ ᠢ ᠬᠠᠷᠠᠭᠤᠯᠤᠭᠰᠠᠨ ᠥᠪᠡᠷᠮᠢᠴᠡ ᠭᠤᠸ᠎ᠠ ᠰᠠᠶᠢᠬᠠᠨ ᠤ | ᠰᠡᠳᠬᠢᠭᠳᠡᠯ ᠲᠥᠷᠥᠭᠳᠡᠭᠦᠯᠳᠡᠭ ᠪᠠᠶᠢᠨ᠎ᠠ᠃ ᠮᠤᠩᠭᠤᠯ ᠡᠮᠡᠭᠳᠡᠶᠢᠴᠤᠳ ᠤᠨ ᠬᠡᠵᠢᠭᠡ ᠨᠢ ᠡᠪᠡᠷ ᠬᠡᠯᠪᠡᠷᠢ ᠪᠠᠷ | ᠢᠯᠡᠷᠡᠭᠰᠡᠨ ᠲᠤᠬᠠᠢ ᠰᠤᠳᠤᠯᠤᠭᠴᠢ ᠮᠠᠷᠲ᠋ᠠ ᠪᠤᠶᠧᠷ ︽ᠮᠤᠩᠭᠤᠯ ᠵᠠᠰᠠᠯ︾ ᠭᠡᠬᠦ ᠨᠤᠮ ᠳᠤ ᠪᠠᠨ᠄ ︽ᠬᠤᠵᠢᠮ ᠤᠨ | ᠮᠤᠩᠭᠤᠯ ᠤᠨ ᠨᠡᠭᠦᠳᠡᠯᠯᠡᠨ ᠮᠠᠯᠵᠢᠬᠤ ᠰᠤᠶᠤᠯ ᠤᠨ ᠦᠶ᠎ᠡ ᠳᠤ ᠯᠠ ᠲᠤᠩ ᠴᠢᠬᠤᠯᠠ ᠪᠤᠯᠤᠭᠰᠠᠨ ᠬᠤᠨᠢᠨ ᠤ | ᠨᠥᠯᠥᠭᠡ ᠬᠡᠵᠢᠭᠡᠨ ᠤ ᠬᠡᠪ ᠮᠠᠶ᠋ᠢᠭ ᠲᠤ ᠲᠤᠰᠬᠠᠭᠳᠠᠭᠰᠠᠨ ᠶᠤᠮ︾ ᠭᠡᠵᠦ ᠬᠤᠯᠪᠤᠨ ᠰᠢᠨᠵᠢᠭᠰᠡᠨ ᠨᠢ ᠲᠤᠩ ᠵᠥᠢ ᠲᠠᠢ | ᠶᠤᠮ᠃ ᠶᠠᠮᠠᠷ ᠨᠢᠭᠡᠨ ᠥᠨᠳᠤᠰᠤᠳᠡᠨ ᠤ ᠤᠷᠠᠯᠢᠭ ᠨᠢ ᠬᠡᠳ ᠲᠡᠷᠡ ᠦᠨᠳᠤᠰᠤᠳᠡᠨ ᠤ ᠡᠷᠬᠢᠯᠡᠨ ᠪᠠᠶᠢᠭ᠎ᠠ ᠠᠵᠦ | ᠠᠬᠤᠢ ᠠᠴᠠ ᠰᠠᠯᠵᠦ ᠴᠢᠳᠠᠬᠤ ᠥᠭᠡᠢ᠂ ᠲᠤᠰ ᠥᠨᠳᠤᠰᠤᠳᠡᠨ ᠤ ᠠᠵᠦ ᠠᠬᠤᠢ ᠶᠢᠨ ᠤᠨᠴᠠᠯᠢᠭ ᠢ ᠢᠯᠡᠷᠡᠭᠦᠯᠥᠭᠰᠡᠨ | ᠪᠠᠶᠢᠳᠠᠭ᠃ ᠮᠤᠩᠭᠤᠯ ᠦᠨᠳᠤᠰᠤᠳᠡᠨ ᠢ ᠪᠠᠭᠳᠠᠭᠠᠭᠰᠠᠨ ᠮᠤᠩᠭᠤᠯ ᠤᠨ ᠦᠨᠳᠦᠷᠯᠢᠭ ᠤᠨ ᠨᠡᠭᠦᠳᠡᠯᠴᠢᠨ ᠥᠨᠳᠤᠰᠤᠳᠡᠨ | ᠪᠤᠯ ᠠᠡᠭ ᠠᠩᠨᠠᠯ᠂ ᠮᠠᠯ ᠠᠵᠦ ᠠᠬᠤᠢ ᠪᠠᠷ ᠭᠤᠤᠯᠯᠠᠭᠰᠠᠨ ᠪᠠᠶᠢᠳᠠᠭ᠃ ᠠᠯᠢ ᠡᠷᠳᠡ ︽ᠬᠠᠨ ᠤᠯᠤᠰ ᠤᠨ ᠦᠶ᠎ᠡ ᠳᠤ | ᠤᠮᠠᠷᠠᠳᠤ ᠶᠢᠨ ᠵᠠᠷᠢᠮ ᠦᠨᠳᠤᠰᠤᠳᠡᠨ ᠤ ᠡᠮᠡᠭᠳᠡᠶᠢᠴᠤᠳ ᠥᠬᠡᠷ ᠤᠨ ᠡᠪᠡᠷ ᠢ ᠲᠠᠭᠤᠷᠢᠶᠠᠯᠭᠠᠵᠦ ᠰᠡᠶᠢᠯᠥᠭᠰᠡᠨ | ᠠᠯᠳᠠᠯᠠᠭᠰᠠᠨ ᠮᠤᠳᠤᠨ ᠤ ᠲᠤᠯᠤᠭᠠᠢ ᠶᠢᠨ ᠵᠠᠰᠠᠯ ᠵᠡᠭᠦᠳᠡᠭ ᠪᠠᠶᠢᠵᠠᠢ᠃ ᠲᠡᠭᠦᠨ ᠠᠴᠠ ᠬᠤᠶᠢᠰᠢ᠂ ᠬᠠᠨ ᠤᠯᠤᠰ ᠤᠨ | ᠤᠮᠠᠷᠠᠳᠤ ᠪᠡᠶ᠎ᠡ ᠳᠠᠬᠢ ᠤᠯᠤᠰ ᠤᠳ ᠲᠤ ︿ᠡᠬᠡᠴᠢ ᠲᠡᠭᠦᠥ ︵ᠬᠤᠷᠢᠮᠯᠠᠭᠰᠠᠨ︶ ᠡᠮᠡᠭᠳᠠᠢ ᠨᠢ ᠬᠡᠳᠤᠨ ᠲᠡᠭᠦᠥ ᠲᠠᠢ ᠪᠤᠯ | ᠲᠡᠳᠤᠢ ᠡᠪᠡᠷ ᠵᠡᠭᠦᠳᠡᠭ ᠪᠠᠶᠢᠵᠠᠢ﹀᠃ ᠡᠭᠦᠨ ᠠᠴᠠ ᠭᠠᠳᠠᠨ᠎ᠠ ᠾᠥᠡᠭᠨᠥ ᠳᠤ ︿ᠴᠠᠭᠠᠨ﹀ ᠾᠥᠡᠭᠨᠥ ᠭᠡᠬᠦ ᠨᠢᠭᠡ ᠪᠥᠯᠥᠭ | ᠪᠠᠶᠢᠵᠦ ᠲᠡᠳᠡ ᠲᠤᠯᠤᠭᠠᠢ ᠳᠤ ᠪᠠᠨ 8 ᠲᠤᠬᠤᠢ ᠦᠨᠳᠤᠷ ᠡᠪᠡᠷ ᠤᠨ ᠬᠡᠪ ᠮᠠᠶ᠋ᠢᠭ ᠬᠢᠵᠦ᠂ 3 ᠲᠤᠬᠤᠢ ᠶᠢᠨ | ᠬᠡᠰᠡᠭ ᠲᠤ ᠨᠢ ᠱᠢᠷᠥ ᠰᠢᠭᠢᠳᠭᠡᠵᠣ ᠰᠠᠭᠤᠯᠭᠠᠳᠠᠭ ᠪᠠᠶᠢᠵᠠᠢ︾ ᠬᠡᠵᠦ ᠲᠡᠤᠬᠡᠨ ᠨᠤᠮ ᠪᠢᠴᠢᠭ ᠳᠤ ᠲᠡᠮᠳᠡᠭᠯᠡᠭᠰᠡᠡ | ᠪᠠᠶᠢᠳᠠᠭ᠃ ᠡᠳᠡᠭᠡᠷ ᠠᠴᠠ ᠥᠵᠡᠪᠡᠯ ᠡᠪᠡᠷ ᠨᠢ ᠠᠯᠢ ᠡᠷᠳᠡ ᠨᠢᠭᠡᠨᠳᠡ ᠮᠤᠩᠭᠤᠯ ᠤᠨ ᠥᠨᠳᠦᠷᠯᠢᠭ ᠤᠨ ᠤᠭᠰᠠᠭ᠎ᠠ | ᠠᠶᠢᠮᠠᠭ ᠤᠨ ᠤᠷᠠᠯᠢᠭ ᠲᠤ ᠨᠡᠪᠴᠢᠵᠦ ᠡᠪᠡᠷ ᠰᠤᠶᠤᠯ ᠤᠨ ᠥᠪᠡᠷᠮᠢᠴᠡ ᠪᠥᠷᠢᠯᠳᠤᠴᠡ ᠶᠢ ᠪᠤᠢ ᠪᠤᠯᠭᠠᠭᠰᠠᠨ ᠪᠢᠯᠡ᠃ | ᠡᠪᠡᠷ ᠤᠭᠠᠯᠵᠠ | ᠮᠤᠩᠭᠤᠯᠴᠤᠳ ᠤᠨ ᠡᠪᠡᠷ ᠤᠨ ᠨᠥᠯᠥᠭᠡ ᠶᠢ ᠬᠥᠷᠳᠡᠭᠰᠡᠨ ᠤᠷᠠᠯᠢᠭ ᠤᠨ ᠪᠠᠰᠠ ᠨᠢᠭᠡ ᠵᠦᠢᠯ ᠨᠢ ᠡᠪᠡᠷ | ᠤᠭᠠᠯᠵᠠ ᠶᠤᠮ᠃ ᠡᠪᠡᠷ ᠤᠭᠠᠯᠵᠠ ᠶᠢ ᠪᠠᠰᠠ ᠡᠪᠡᠷ ᠬᠡ᠂ ᠡᠪᠡᠷ ᠤᠨ ᠬᠡ ᠤᠭᠠᠯᠵᠠ ᠬᠡᠳᠡᠭ᠃ ᠡᠪᠡᠷ ᠤᠭᠠᠯᠵᠠ ᠶᠢᠨ | ᠡᠭᠦᠰᠤᠯ ᠭᠠᠷᠤᠯ ᠤᠨ ᠲᠤᠬᠠᠢ ᠡᠷᠳᠡᠮᠳᠡᠳ ᠤᠨ ᠰᠠᠨᠠᠯ ᠠᠳᠠᠯᠢ ᠥᠬᠡᠢ ᠪᠠᠶᠢᠳᠠᠭ᠃ ᠲᠤᠬᠠᠢᠢᠯᠠᠪᠠᠯ ︽ᠨᠢᠭᠡ ᠲᠠᠯ᠎ᠠ ᠪᠠᠷ᠂ | ᠶᠡᠭᠡ ᠲᠡᠮᠳᠡᠭ ᠤᠨ ᠰᠢᠰᠲ᠋ᠧᠮ ᠤᠨ ᠪᠥᠷᠢᠯᠳᠥᠬᠦᠨ ᠤ ᠬᠤᠪᠢ ᠪᠠᠷ ᠤᠷᠤᠰᠢᠵᠦ ︿ᠤᠷᠴᠢᠯᠠᠩ ᠤᠨ ᠪᠥᠳᠤᠴᠡ ᠵᠢᠷᠤᠭ﹀ | ᠲᠠᠢ ᠬᠤᠯᠪᠤᠭᠠᠳᠠᠢ᠃ ᠨᠥᠬᠦᠭᠡ ᠲᠠᠯ᠎ᠠ ᠪᠠᠷ ᠤᠭᠠᠯᠵᠠ ᠶᠢᠨ ᠡᠪᠡᠷ ᠤᠨ ᠲᠠᠭᠤᠷᠢᠶᠠᠯᠭᠠ ᠮᠥᠨ ᠪᠥᠭᠡᠳ ᠬᠢᠷᠬᠢᠰ ᠠᠴᠠ | ᠡᠭᠦᠰᠥᠯᠳᠠᠢ ᠭᠡᠵᠦ ᠲᠠᠶᠢᠯᠪᠤᠷᠢᠯᠠᠭᠳᠠᠳᠠᠭ᠃ ᠤᠭᠠᠯᠵᠠ ᠶᠢᠨ ᠡᠪᠡᠷ ᠪᠤᠯ ᠡᠨᠡ ᠬᠦ ᠬᠡ ᠤᠭᠠᠯᠵᠠ ᠶᠢᠨ ᠦᠨᠳᠤᠰᠤᠨ | ᠡᠯᠧᠮᠧᠨ᠋ᠲ ᠪᠤᠯᠵᠦ ᠪᠤᠢ︾ ᠭᠡᠵᠦ ᠥᠵᠡᠵᠦ ᠪᠤᠢ᠃ | ︽ᠬᠠᠯᠬ᠎ᠠ ᠡᠮᠡᠭᠳᠠᠢ ᠶᠢᠨ ᠬᠡᠵᠢᠭᠡᠨ ᠤ ᠬᠡᠪ ᠮᠠᠶ᠋ᠢᠭ ᠲᠤ ᠮᠤᠰᠬᠢᠶ᠎ᠠ ︵ᠡᠪᠡᠷ︶ ᠪᠠᠶᠢᠳᠠᠭ ᠨᠢ ᠮᠤᠩᠭᠤᠯ ᠤᠨ | ᠠᠮᠢᠳᠤᠷᠠᠯ ᠤᠨ ᠬᠤᠨᠢᠨ ᠤ ᠴᠢᠬᠤᠯᠠ ᠤᠢᠢᠯᠡᠳᠤᠯ ᠲᠠᠢ ᠪᠠᠶᠢᠳᠠᠭ ᠲᠤ ᠰᠠᠭᠤᠷᠢᠯᠠᠭᠰᠠᠨ ᠲᠠᠢ ᠠᠳᠠᠯᠢ ᠪᠠᠷ ᠬᠢᠷᠬᠢᠰ ᠤᠨ | ᠤᠷᠠᠯᠢᠭ ᠲᠤ ᠭᠤᠤᠯ ᠬᠥᠭ ᠠᠶᠠᠰ ᠪᠤᠯᠵᠦ ᠪᠠᠶᠢᠭ᠎ᠠ ᠡᠨᠡ ᠬᠦ ᠤᠭᠠᠯᠵᠠ ᠴᠤ ᠲᠡᠳᠡᠨ ᠤ ᠠᠮᠢᠳᠤᠷᠠᠯ ᠳᠤ ᠬᠤᠨᠢ | ᠲᠤᠩ ᠶᠡᠭᠡ ᠡᠳ᠋ ᠤᠨ ᠵᠠᠰᠠᠭ ᠤᠨ ᠥᠷᠳᠡᠭ ᠲᠠᠢ ᠪᠠᠶᠢᠳᠠᠭ ᠠᠴᠠ ᠰᠢᠯᠳᠠᠭᠠᠯᠠᠭᠳᠠᠯᠠ︾ ᠭᠡᠵᠦ ᠺᠠᠷᠤᠰ ᠥᠵᠡᠵᠠᠢ᠃ | ᠡᠪᠡᠷ᠂ ᠤᠭᠠᠯᠵᠠ ᠬᠤᠶᠠᠷ ᠤᠶᠠᠯᠳᠤᠭᠰᠠᠨ ᠤᠷᠠᠯᠢᠭ ᠤᠨ ᠬᠡᠯᠪᠡᠷᠢ ᠨᠢ ᠬᠢᠳᠠᠳ ᠪᠤᠯᠤᠨ ᠮᠤᠩᠭᠤᠯ ᠳᠤ ᠪᠥᠷ ᠪᠠᠶᠢᠳᠠᠭ | ᠪᠤᠯᠪᠠᠴᠤ ᠡᠭᠦᠰᠤᠯ ᠭᠠᠷᠤᠯ ᠤᠨ ᠲᠠᠶᠢᠯᠪᠤᠷᠢ᠂ ᠬᠡᠷᠡᠭᠴᠡᠭᠡᠨ ᠤ ᠤᠳᠬ᠎ᠠ ᠤᠢᠢᠯᠡᠳᠤᠯ᠂ ᠬᠡᠷᠡᠭᠯᠡᠭᠡᠨ ᠤ ᠬᠦᠷᠢᠶ᠎ᠡ | ᠬᠡᠪᠴᠢᠶ᠎ᠡ᠂ ᠬᠡᠪᠰᠢᠨ ᠬᠡᠷᠡᠭᠯᠡᠭᠳᠡᠭᠰᠡᠨ ᠤᠨ ᠵᠢᠯ ᠤᠨ ᠲᠠᠯ᠎ᠠ ᠪᠠᠷ ᠲᠤᠰ ᠲᠤᠰ ᠠᠳᠠᠯᠢ ᠥᠬᠡᠢ᠃ ᠮᠤᠩᠭᠤᠯ | ᠦᠨᠳᠤᠰᠤᠳᠡᠨ ᠳᠤ ᠠᠪᠴᠤ ᠬᠡᠯᠡᠪᠡᠯ ᠡᠪᠡᠷ ᠤᠭᠠᠯᠵᠠ ᠨᠢ ᠥᠨᠳᠥᠰᠤᠳᠡᠨ ᠤ ᠤᠨᠴᠠᠯᠢᠭ ᠢ ᠢᠯᠡᠷᠡᠭᠦᠯᠥᠭᠰᠡᠨ | ᠥᠪᠡᠷᠮᠢᠴᠡ ᠪᠥᠬᠦᠢ ᠤᠳᠤᠮᠰᠢᠯᠳᠤ ᠤᠷᠠᠯᠢᠭ ᠤᠨ ᠬᠤᠪᠢ ᠪᠠᠷ ᠡᠳᠤᠬᠡ ᠪᠤᠯᠳᠠᠯ᠎ᠠ ᠬᠡᠷᠡᠭᠯᠡᠭᠳᠡᠭᠰᠡᠭᠡᠷ ᠪᠤᠢ᠃ | ᠮᠤᠩᠭᠤᠯ ᠠᠷᠠᠳ ᠤᠨ ᠥᠯᠢᠭᠡᠷ ᠲᠤᠤᠯᠢ ᠳᠠᠬᠢ ᠡᠪᠡᠷ | ᠮᠤᠩᠭᠤᠯ ᠠᠷᠠᠳ ᠤᠨ ᠥᠯᠢᠭᠡᠷ ᠲᠤᠤᠯᠢ᠂ ᠠᠮᠠᠨ ᠵᠤᠬᠢᠶᠠᠯ ᠳᠤ ᠠᠷᠢᠶᠠᠳᠠᠨ ᠠᠮᠢᠳᠠᠨ ᠤ ᠥᠯᠢᠭᠡᠷ ᠠᠰᠤᠷᠤ | ᠠᠷᠪᠢᠨ ᠪᠠᠶᠢᠳᠠᠭ᠂ ᠠᠷᠢᠶᠠᠳᠠᠨ ᠠᠮᠢᠳᠠᠨ ᠤ ᠠᠪᠤᠷᠭᠤ ᠶᠡᠭᠡ ᠰᠥᠷ ᠬᠥᠴᠥᠨ ᠢ ᠥᠵᠡᠭᠦᠯᠳᠡᠭ ᠤᠨ ᠨᠢᠭᠡ ᠨᠢ ᠡᠪᠡᠷ | ᠶᠤᠮ᠃ ᠲᠡᠭᠡᠭᠦᠯᠡᠷ ᠮᠤᠩᠭᠤᠯ ᠠᠷᠠᠳ ᠤᠨ ᠥᠯᠢᠭᠡᠷ ᠲᠤᠤᠯᠢ᠂ ᠠᠮᠠᠨ ᠵᠤᠬᠢᠶᠠᠯ ᠳᠤ ᠠᠷᠢᠶᠠᠳᠠᠨ ᠠᠮᠢᠳᠠᠨ ᠤ ᠡᠪᠡᠷ ᠢ | ᠤᠨᠴᠠ ᠲᠤᠪᠤᠶᠢᠯᠭᠠᠨ ᠲᠥᠷᠰᠥᠯᠡᠵᠦ ︽ᠨᠢᠭᠡ ᠡᠪᠡᠷ ᠢᠨᠦ ᠭᠠᠵᠠᠷ ᠲᠤᠯᠵᠦ ᠪᠠᠶᠢᠬᠤᠢ ᠳᠤᠷ ᠨᠥᠬᠦᠭᠡ ᠡᠪᠡᠷ ᠢᠨᠦ | ᠲᠡᠭᠷᠢ ᠲᠤᠯᠵᠦ ᠪᠠᠶᠢᠭᠰᠠᠨ︾︔ ᠤᠯᠠᠨ ᠡᠪᠡᠷ ᠲᠠᠢ ᠪᠢᠰᠢ ᠪᠤᠯ ᠥᠷᠥᠭᠡᠰᠤᠨ ᠡᠪᠡᠷ ᠲᠠᠢ᠃ ᠠᠬᠢᠭᠠᠳ ᠪᠠᠰᠠ ᠠᠯᠳᠠᠨ | ᠡᠪᠡᠷ ᠲᠠᠢ ᠠᠮᠢᠳᠠᠨ ᠴᠤ ᠭᠠᠷᠳᠠᠭ ᠪᠠᠶᠢᠨ᠎ᠠ᠃ ᠠᠷᠢᠶᠠᠳᠠᠨ ᠠᠮᠢᠳᠠᠨ ᠤ ᠡᠪᠡᠷ ᠤᠨ ᠷᠢᠳᠢ ᠰᠢᠳᠢ ᠶᠢ ᠭᠠᠶᠢᠬᠠᠭᠤᠯᠤᠨ | ᠲᠥᠷᠰᠥᠯᠡᠳᠡᠭ ᠨᠢ ᠮᠤᠩᠭᠤᠯ ᠠᠷᠠᠳ ᠤᠨ ᠥᠯᠢᠭᠡᠷ ᠲᠤᠤᠯᠢ᠂ ᠠᠮᠠᠨ ᠵᠤᠬᠢᠶᠠᠯ ᠳᠠᠬᠢ ᠠᠮᠢᠳᠠᠨ ᠤ ᠥᠯᠢᠭᠡᠷ ᠤᠨ | ᠤᠯᠠᠮᠵᠢᠯᠠᠯᠳᠤ ᠵᠢᠷᠤᠭᠯᠠᠯ ᠪᠤᠯᠤᠭᠰᠠᠭᠠᠷ ᠢᠷᠡᠵᠠᠢ᠃ | ᠡᠪᠡᠷ ᠰᠢᠳᠥᠯᠭᠡ | ᠡᠪᠡᠷ ᠰᠢᠳᠥᠯᠭᠡ ᠪᠤᠯ ᠲᠠᠷᠤᠢ ᠡᠷᠬᠡᠳᠡᠨ ᠤ ᠰᠢᠳᠥᠯᠭᠡ ᠪᠤᠯᠤᠨ᠎ᠠ᠃ ᠡᠷᠬᠡᠳᠡᠨ ᠤ ᠰᠢᠳᠥᠯᠭᠡ ᠬᠡᠮᠡᠭᠴᠢ ᠬᠥᠮᠥᠨ | ᠪᠠ ᠠᠮᠢᠳᠠᠨ ᠤ ᠶᠠᠮᠠᠷ ᠨᠢᠬᠡᠨ ᠡᠷᠬᠡᠳᠡᠨ ᠢ ᠶᠠᠮᠠᠷ ᠨᠢᠭᠡᠨ ᠤᠴᠢᠷ ᠰᠢᠯᠳᠠᠭᠠᠨ ᠠᠴᠠ ᠪᠤᠯᠤᠭᠠᠳ ᠪᠢᠰᠢᠷᠡᠨ ᠰᠢᠳᠥᠬᠦ ᠶᠢ | ᠵᠢᠭᠠᠵᠦ ᠪᠤᠢ᠃ | ᠮᠤᠩᠭᠤᠯᠴᠤᠳ ᠡᠪᠡᠷ ᠢ ᠶᠠᠮᠠᠷ ᠨᠢᠭᠡᠨ ᠷᠢᠳᠢ ᠰᠢᠳᠢ ᠲᠠᠢ ᠵᠦᠢᠯ ᠢᠶᠠᠷ ᠥᠵᠡᠭᠡᠳ ᠲᠡᠭᠦᠨ ᠢ ᠷᠢᠳᠢ | ᠰᠢᠳᠢᠴᠢᠯᠡᠨ ᠰᠢᠳᠥᠳᠡᠭ ᠪᠠᠶᠢᠨ᠎ᠠ᠃ ᠡᠶᠢᠮᠥ ᠠᠴᠠ ᠡᠪᠡᠷ ᠢᠶᠠᠷ ᠬᠢᠭᠰᠡᠨ ᠰᠢᠳᠡᠳᠤ ᠡᠳ᠋ ᠨᠢ ᠡᠵᠡᠨ ᠪᠡᠶ᠎ᠡ ᠶᠢᠨ | ᠠᠮᠢ ᠶᠢ ᠨᠢ ᠠᠪᠤᠷᠠᠬᠤ ᠪᠤᠶᠤ ᠪᠤᠰᠤᠳ ᠤᠨ ᠠᠮᠢ ᠶᠢ ᠠᠪᠤᠬᠤ ᠵᠦᠢᠯ ᠢᠶᠠᠷ ᠥᠬᠦᠯᠡᠭᠳᠡᠳᠡᠭ᠃ | ᠬᠤᠪᠤᠭᠳᠤ ᠪᠥᠬᠡ ᠶᠢᠨ ᠲᠤᠮᠤᠭ ᠲᠤ ᠥᠭᠦᠯᠡᠭᠰᠡᠨ ᠢᠶᠠᠷ᠄ ︽ᠬᠤᠪᠤᠭᠳᠤ ᠠᠪᠤ᠂ ᠪᠤᠭᠳᠠ ᠬᠡᠬᠡᠨ ᠤ ᠲᠡᠭᠡᠷ᠎ᠡ ᠨᠢ | ᠶᠢᠰᠤ ᠶᠢᠰᠤ ᠶᠢᠨ ᠨᠠᠶᠠᠨ ᠨᠢᠭᠡᠨ ᠤᠳᠠᠭ᠎ᠠ ᠠᠶᠤᠩᠭ᠎ᠠ ᠪᠠᠭᠤᠯᠭᠠᠪᠠ᠃ ᠪᠤᠭᠳᠠ ᠶᠢᠨ ᠬᠡᠬᠡᠨ ᠨᠢ ᠲᠤᠯᠤᠭᠠᠨ | ᠱᠠᠪᠢ ᠲᠠᠢ ᠪᠠᠨ ᠬᠠᠮᠳᠤ ᠬᠤᠨᠭ᠍ᠬᠤ ᠲᠠᠮᠠᠷᠤ ᠳᠤ ᠪᠠᠨ ᠨᠢᠭᠤᠭᠳᠠᠭᠠᠳ ᠠᠮᠢ ᠨᠢ ᠭᠠᠷᠴᠤ ᠬᠡᠨ᠎ᠡ᠃ ᠪᠤᠭᠳᠠ ᠶᠢᠨ ᠬᠡᠬᠡᠨ | ᠤᠤᠯ ᠨᠢ ᠲᠤᠯᠤᠭᠠᠨ ᠱᠠᠪᠢ ᠪᠠᠨ ᠭᠠᠷᠭᠠᠵᠦ ᠲᠤᠰᠤᠯ ᠪᠠᠳᠢᠷ ᠡᠷᠢᠭᠦᠯᠥᠭᠰᠡᠭᠡᠷ ᠦᠪᠤᠷ ᠲᠥᠴᠢ ᠶᠢᠰᠤᠨ | ᠬᠤᠰᠢᠭᠤ ᠠᠴᠠ ᠨᠢᠬᠡ ᠬᠥᠬᠡ ᠪᠤᠬ᠎ᠠ ᠶᠢ ᠪᠠᠳᠢᠷ ᠲᠤ ᠤᠯᠵᠠᠢ᠃ ᠪᠤᠬ᠎ᠠ ᠶᠢᠨ ᠡᠪᠡᠷ ᠢᠶᠠᠷ ᠨᠢ ᠬᠤᠨᠭ᠍ᠬᠤ ᠬᠢᠵᠦ᠂ | ᠭᠠᠪᠠᠯᠠ ᠪᠠᠷ ᠨᠢ ᠲᠠᠮᠠᠷᠤ ᠵᠤᠬᠢᠶᠠᠵᠦ ᠠᠷᠠᠰᠤ ᠪᠠᠷ ᠨᠢ ᠲᠠᠮᠠᠷᠤ ᠪᠠᠨ ᠪᠥᠷᠢᠪᠡ᠃ ᠴᠢᠩᠭᠢᠭᠡᠳ ᠲᠠᠪᠤᠨ ᠱᠠᠪᠢ ᠪᠠᠨ | ᠲᠠᠮᠠᠷᠤ ᠳᠤ ᠪᠠᠨ ᠬᠢᠵᠦ ᠬᠤᠶᠠᠷ ᠱᠠᠪᠢ ᠪᠠᠨ ᠬᠤᠨᠭ᠍ᠬᠤ ᠳᠤ ᠪᠠᠨ ᠤᠷᠤᠭᠤᠯᠵᠦ᠂ ᠥᠪᠡᠷ ᠢᠶᠠᠨ ᠪᠠᠰᠠ ᠨᠢᠭᠡ | ᠬᠤᠨᠭ᠍ᠬᠤᠨ ᠳᠤ ᠪᠠᠨ ᠨᠢᠭᠤᠭᠠᠳ ᠠᠮᠢ ᠨᠢ ᠭᠠᠷᠴᠤ ᠬᠡᠨ᠎ᠡ︾᠃ | ᠡᠪᠡᠷ ᠰᠤᠶᠤᠯ ᠤᠨ ᠢᠵᠠᠭᠤᠷ ᠰᠡᠳᠬᠢᠬᠦᠢ | ᠮᠤᠩᠭᠤᠯᠴᠤᠳ ᠤᠨ ᠡᠪᠡᠷ ᠢ ᠡᠷᠬᠢᠮᠯᠡᠨ ᠲᠡᠭᠡᠳᠤᠯᠡᠨ ᠰᠢᠳᠥᠬᠦ ᠪᠤᠶᠤ ᠵᠠᠰᠠᠯ ᠵᠢᠮᠰᠡᠭ᠂ ᠡᠳ᠋ᠯᠡᠯ ᠬᠡᠷᠡᠭᠰᠡᠯ | ᠪᠤᠯᠭᠠᠨ ᠬᠡᠷᠡᠭᠯᠡᠬᠦ ᠨᠢ ᠲᠤᠤᠷᠠᠬᠢ ᠰᠢᠯᠳᠠᠭᠠᠨ ᠪᠤᠢ᠃ | ᠨᠢᠭᠡ ᠳᠤ᠂ ᠡᠪᠡᠷ ᠢ ᠠᠮᠢ ᠰᠥᠨᠡᠰᠤ ᠤᠷᠤᠰᠢᠬᠤ ᠭᠠᠵᠠᠷ ᠬᠡᠬᠦ ᠡᠷᠳᠡᠨ ᠤ ᠰᠥᠨᠡᠰᠤᠨ ᠥᠵᠡᠯᠳᠡ ᠲᠠᠢ | ᠬᠤᠯᠪᠤᠭ᠎ᠠ ᠲᠠᠢ᠃ ᠡᠷᠳᠡᠨ ᠤ ᠮᠤᠩᠭᠤᠯᠴᠤᠳ ︽ᠲᠥᠮᠡᠨ ᠪᠤᠳᠠᠰ ᠰᠥᠭ ᠰᠥᠨᠡᠰᠤ ᠲᠠᠢ︾ ᠬᠡᠮᠡᠨ ᠢᠳᠡᠭᠡᠳᠡᠭ | ᠪᠠᠶᠢᠭᠠᠯᠢ ᠶᠢᠨ ᠰᠢᠳᠥᠯᠭᠡ ᠶᠢᠨ ᠡᠬᠦᠳᠡᠨ ᠠᠴᠠ ᠬᠥᠮᠥᠨ ᠠᠮᠢᠳᠠᠨ ᠤ ᠰᠥᠨᠡᠰᠤ ᠨᠢ ᠶᠠᠮᠠᠷ ᠨᠢᠭᠡ ᠮᠥᠴᠢ ᠡᠷᠬᠡᠳᠡᠨ ᠳᠤ | ᠤᠷᠤᠰᠢᠳᠠᠭ ᠬᠡᠵᠦ ᠥᠵᠡᠬᠡᠳ ᠲᠡᠷᠡ ᠬᠦ ᠰᠥᠨᠡᠰᠤ ᠤᠷᠤᠰᠢᠳᠠᠭ ᠡᠷᠬᠡᠳᠡᠨ ᠢ ᠲᠡᠭᠡᠳᠤᠯᠡᠨ ᠬᠥᠨᠳᠤᠯᠡᠬᠦ ᠪᠤᠶᠤ | ᠴᠢᠨᠠᠭᠰᠢᠳᠠ ᠲᠡᠬᠡᠳᠤᠯᠡᠨ ᠰᠢᠳᠥᠳᠡᠭ ᠪᠠᠶᠢᠪᠠ᠃ ᠡᠭᠢᠨ ᠳᠤ ᠡᠪᠡᠷ ᠨᠢ ᠡᠨᠡ ᠬᠤᠪᠢ ᠪᠠᠷ ᠰᠢᠳᠥᠭᠳᠡᠵᠦ ᠪᠠᠶᠢᠵᠠᠢ᠃ | ᠬᠤᠶᠠᠷ ᠲᠤ᠂ ᠡᠪᠡᠷ ᠢ ᠲᠤᠲ᠋ᠧᠮ ᠰᠢᠳᠥᠯᠭᠡ ᠶᠢᠨ ᠪᠡᠯᠭᠡᠳᠡᠯ ᠢᠶᠠᠷ ᠥᠵᠡᠭᠰᠡᠨ ᠲᠠᠢ ᠬᠤᠯᠪᠤᠭ᠎ᠠ ᠲᠠᠢ᠃ | ︽ᠬᠡᠤᠬᠡᠳ ᠲᠤ ᠡᠪᠡᠷ ᠥᠰᠥ ᠲᠠᠯᠪᠢᠬᠤ᠂ ᠡᠷᠳᠡ ᠦᠶ᠎ᠡ ᠳᠤ ᠴᠤᠯᠠ ᠬᠡᠷᠬᠢᠮ ᠲᠤᠰᠢᠶᠠᠯᠳᠠᠨ ᠤ ᠲᠡᠮᠳᠡᠭ ᠪᠤᠯᠭᠠᠨ ᠡᠪᠡᠷ | ᠵᠡᠬᠦᠬᠦ ᠶᠤᠰᠤᠨ ᠤ ᠠᠯᠢ ᠠᠯᠢ ᠨᠢ ᠲᠤᠲ᠋ᠧᠮ ᠰᠢᠳᠥᠯᠭᠡ ᠶᠢᠨ ᠪᠡᠯᠭᠡᠳᠡᠯ ᠪᠤᠯᠤᠭᠰᠠᠨ ᠡᠪᠡᠷ ᠢ ᠷᠢᠳᠢ ᠰᠢᠳᠢ ᠲᠠᠢ ᠳᠤ ᠨᠢ | ᠲᠤᠭᠠᠴᠠᠨ ᠰᠢᠳᠥᠬᠦ ᠶᠤᠰᠤ ᠲᠠᠢ ᠬᠤᠯᠪᠤᠭ᠎ᠠ ᠲᠠᠢ︾ ᠬᠡᠵᠦ ᠭ᠊ · ᠰᠠᠮᠫᠢᠯᠳᠠᠨᠵᠠᠪ ︽ᠮᠠᠯᠴᠢᠨ ᠠᠷᠠᠳ ᠤᠨ ᠵᠠᠩ | ᠤᠢᠢᠯᠠ ᠶᠢᠨ ᠤᠯᠠᠮᠵᠢᠯᠠᠯ︾ ᠬᠡᠬᠦ ᠨᠤᠮ ᠳᠤ ᠪᠠᠨ ᠪᠢᠴᠢᠭᠰᠡᠨ ᠪᠠᠶᠢᠳᠠᠭ᠃ | ᠭᠤᠷᠪᠠ ᠳᠤ᠂ ᠡᠪᠡᠷ ᠨᠢ ᠠᠮᠢᠳᠠᠨ ᠤ ᠴᠤᠭ ᠵᠢᠪᠬᠤᠭ᠎ᠠ᠂ ᠰᠥᠷ ᠬᠥᠴᠥᠨ ᠪᠤᠯᠤᠨ ᠭᠤᠸ᠎ᠠ ᠰᠠᠶᠢᠬᠠᠨ ᠢ | ᠢᠯᠡᠷᠡᠭᠦᠯᠳᠡᠭ ᠢᠶᠠᠷ ᠢᠶᠠᠨ ᠬᠥᠮᠥᠰ ᠲᠤ ᠪᠠᠭ᠋ᠠᠳᠤᠨ ᠪᠢᠰᠢᠷᠡᠭᠳᠡᠵᠦ ᠲᠡᠬᠡᠳᠤᠯᠡᠨ ᠬᠥᠨᠳᠤᠳᠬᠡᠭᠳᠡᠳᠡᠭ ᠠᠴᠠ ᠭᠠᠳᠠᠨ᠎ᠠ | ᠬᠥᠮᠤᠨ ᠠᠮᠢᠳᠠᠨ ᠤ ᠥᠷᠡᠵᠢᠯ ᠬᠥᠭᠵᠢᠯ ᠢ ᠬᠥᠰᠡᠵᠦ ᠪᠡᠯᠭᠡᠰᠢᠶᠡᠭᠰᠡᠨ ᠰᠠᠨᠠᠭ᠎ᠠ ᠠᠭᠤᠯᠤᠭᠳᠠᠵᠦ ᠪᠠᠶᠢᠬᠤ ᠨᠢ | ᠠᠩᠬᠠᠷᠤᠭᠤᠰᠢᠳᠠᠢ ᠶᠤᠮ᠃ | ᠲᠥᠷᠪᠡ ᠳᠤ᠂ ᠡᠪᠡᠷ ᠤᠨ ᠥᠪᠡᠷ ᠤᠨ ᠬᠢᠨᠢ ᠴᠢᠨᠠᠷ ᠥᠵᠥᠭᠦᠷᠯᠢᠭ ᠬᠠᠳᠠᠭᠤ ᠪᠠᠶᠢᠬᠤ ᠠᠴᠠ ᠪᠤᠯᠤᠭᠰᠠᠨ᠃ | ᠡᠪᠡᠷ ᠨᠢ ᠠᠮᠢᠳᠠᠨ ᠤ ᠬᠠᠳᠠᠭᠤ ᠥᠵᠥᠭᠦᠷᠯᠢᠭ ᠡᠷᠬᠡᠳᠡᠨ ᠪᠤᠯᠬᠤᠷ ᠨᠥᠬᠦᠬᠡ ᠡᠳᠡᠭᠡᠳ ᠢᠶᠠᠨ ᠠᠶᠤᠯᠭᠠᠨ ᠰᠥᠷᠳᠡᠬᠦᠯᠬᠦ | ᠪᠤᠶᠤ ᠢᠯᠠᠳᠠᠭ ᠵᠡᠪᠰᠡᠭ ᠪᠤᠯᠵᠦ ᠪᠠᠶᠢᠪᠠ᠃ ᠡᠭᠦᠨ ᠠᠴᠠ ᠭᠠᠳᠠᠨ᠎ᠠ ᠮᠤᠩᠭᠤᠯᠴᠤᠳ ᠤᠨ ᠲᠤᠭᠠᠨ ᠤ ᠰᠤᠶᠤᠯ᠂ | ᠪᠠᠯᠠᠷᠯᠢᠭ ᠱᠠᠰᠢᠨ ᠤ ᠤᠬᠠᠮᠰᠠᠷ ᠵᠡᠷᠭᠡ ᠤᠯᠠᠨ ᠰᠤᠶᠤᠯ ᠰᠡᠳᠬᠢᠬᠦᠢ ᠲᠠᠢ ᠠᠭᠤᠰᠤᠨ ᠨᠢᠭᠡᠳᠤᠭᠡᠳ ᠡᠪᠡᠷ ᠰᠤᠶᠤᠯ ᠢ | ᠪᠤᠢ ᠪᠤᠯᠭᠠᠭᠰᠠᠨ ᠶᠤᠮ᠃ | ᠵᠣᠬᠢᠶᠠᠭᠴᠢ᠄ ᠮᠦ᠊· ᠰᠠᠶᠢᠵᠢᠷᠠᠬᠤ |