ᠮᠤᠩᠭᠤᠯ ᠰᠤᠶᠤᠯ ᠪᠣᠯ ᠶᠡᠭᠡ ᠬᠢᠩᠭᠠᠨ ᠲᠠᠪᠠᠭ᠎ᠠ ᠲᠠᠭᠠᠤ ᠤᠷᠤᠨ ᠳᠤ ᠬᠦᠪᠦᠷᠡᠵᠦ᠂ ᠮᠤᠩᠭᠤᠯ ᠤᠨ | ᠦᠨᠲᠦᠷᠯᠢᠭ ᠲᠤ ᠪᠦᠷᠢᠯᠲᠦᠨ ᠲᠤᠭᠲᠠᠵᠤ᠂ ᠬᠡᠯᠪᠡᠷᠢᠵᠢᠨ ᠲᠤᠭᠲᠠᠭᠰᠠᠨ ᠨᠡᠭᠦᠲᠡᠯ ᠮᠠᠯᠵᠢᠯ ᠤᠨ ᠰᠤᠶᠤᠯ ᠪᠤᠯᠤᠨ᠎ᠠ᠃ | ᠮᠤᠩᠭᠤᠯ ᠰᠤᠶᠤᠯ ᠤᠨ ᠤᠭᠤᠴᠠ ᠨᠢᠷᠤᠭᠤ ᠨᠢ ᠨᠡᠭᠦᠲᠡᠯ ᠮᠠᠯᠵᠢᠯ ᠪᠤᠯᠤᠨ᠎ᠠ᠃ ᠮᠤᠩᠭᠤᠯ ᠤᠨ ᠦᠨᠲᠦᠷᠯᠢᠭ ᠤᠨ ᠬᠠᠬᠢᠷ | ᠬᠦᠢᠲᠡᠨ᠂ ᠭᠠᠩ ᠬᠠᠭᠤᠷᠠᠢ᠂ ᠬᠤᠷ᠎ᠠ ᠲᠤᠨᠤᠲᠠᠰᠤ ᠪᠠᠭ᠎ᠠ ᠦᠪᠡᠷᠮᠢᠴᠡ ᠠᠭᠤᠷ ᠠᠮᠢᠰᠬᠤᠯ ᠤᠨ ᠤᠨᠴᠠᠯᠢᠭ ᠠᠴᠠ | ᠪᠤᠯᠵᠤ ᠤᠵᠤᠭᠤᠷ ᠡᠷᠲᠡᠨ ᠠᠴᠠ ᠰᠠᠭᠤᠷᠢ ᠲᠠᠢ ᠲᠠᠷᠢᠶᠠᠯᠠᠩ ᠤᠨ ᠰᠠᠭᠤᠷᠢᠨ ᠰᠤᠶᠤᠯ ᠨᠢ ᠲᠤᠷᠪᠢᠲᠠᠢ ᠬᠦᠭᠵᠢᠵᠦ | ᠲᠡᠶᠢᠯᠦᠭᠰᠡᠨ ᠦᠭᠡᠢ᠂ ᠶᠠᠪᠤᠭᠠᠨ ᠳᠠᠭᠠᠨ ᠮᠠᠯ ᠠᠵᠤ ᠠᠬᠤᠢ ᠶᠢᠨ ᠬᠢᠨᠢ ᠲᠤᠰᠠᠯᠠᠬᠤ ᠠᠵᠤ ᠠᠬᠤᠢ ᠪᠤᠯᠤᠨ ᠬᠦᠭᠵᠢᠵᠦ᠂ | ᠮᠦᠨ ᠬᠦ ᠨᠡᠭᠦᠲᠡᠯᠯᠡᠯ ᠤᠨ ᠰᠢᠨᠵᠢ ᠪᠦᠬᠦᠢ ᠨᠠᠮᠤᠭ ᠲᠠᠷᠢᠶ᠎ᠠ ᠪᠤᠯᠤᠨ ᠬᠦᠭᠵᠢᠭᠰᠡᠨ ᠲᠡᠲᠦᠢ ᠠᠵᠢ᠃ ᠡᠶᠢᠮᠤ ᠠᠴᠠ | ᠮᠤᠩᠭᠤᠯᠴᠤᠳ ᠤᠨ ᠨᠡᠭᠦᠲᠡᠯ ᠠᠵᠤ ᠠᠬᠤᠢ ᠨᠢ ᠭᠤᠤᠯ ᠴᠤᠭᠴᠠ᠂ ᠭᠤᠤᠯ ᠲᠤᠭᠲᠠᠯᠴᠠᠭ᠎ᠠ ᠪᠤᠯᠵᠤ᠂ ᠡᠨᠡ ᠠᠵᠤ | ᠠᠬᠤᠢ ᠶᠢᠨ ᠰᠠᠭᠤᠷᠢ ᠲᠡᠭᠡᠷ᠎ᠡ ᠠᠷᠠᠳ ᠢᠷᠭᠡᠳ ᠨᠢ ᠨᠡᠭᠦᠲᠡᠯ ᠠᠵᠤ ᠠᠬᠤᠢ ᠳᠠᠭᠠᠨ ᠲᠠᠳᠴᠦ ᠢᠲᠡᠭᠡᠰᠢᠭᠡᠳ | ᠢᠷᠭᠡᠨᠰᠢᠭᠰᠡᠨ ᠪᠠᠶᠢᠨ᠎ᠠ᠃ | ᠮᠤᠩᠭᠤᠯ ᠰᠤᠶᠤᠯ ᠭᠡᠲᠡᠭ ᠪᠣᠯ ᠮᠤᠩᠭᠤᠯ ᠤᠨ ᠦᠨᠲᠦᠷᠯᠢᠭ ᠲᠡᠭᠡᠷ᠎ᠡ ᠪᠤᠢ ᠪᠤᠯᠤᠭᠰᠠᠨ ᠬᠠᠭᠤᠴᠢᠨ ᠴᠢᠯᠠᠭᠤᠨ | ᠵᠡᠪᠰᠡᠭ ᠤᠨ ᠰᠤᠶᠤᠯ᠂ ᠰᠢᠨ᠎ᠡ ᠴᠢᠯᠠᠭᠤᠨ ᠵᠡᠪᠰᠡᠭ ᠤᠨ ᠰᠤᠶᠤᠯ᠂ ᠬᠦᠷᠡᠯ ᠤᠨ ᠰᠤᠶᠤᠯ᠂ ᠲᠠᠮᠤᠷ ᠤᠨ ᠰᠤᠶᠤᠯ ᠁ | ᠬᠠᠮᠤᠭ ᠰᠡᠭᠦᠯ ᠳᠤ ᠨᠢ ᠨᠡᠭᠦᠲᠡᠯ ᠮᠠᠯᠵᠢᠯ ᠤᠨ ᠰᠤᠶᠤᠯ ᠭᠡᠵᠦ ᠳ᠋ᠦᠩᠨᠡᠵᠦ ᠪᠤᠯᠤᠨ᠎ᠠ᠃ | ① ᠬᠠᠭᠤᠴᠢ ᠰᠤᠲᠤᠯᠤᠯ ᠤᠨ ᠤᠬᠠᠭᠠᠨ᠂ ᠬᠦᠮᠦᠨ ᠪᠢᠯᠲᠡᠷ ᠤᠨ ᠤᠬᠠᠭᠠᠨ ᠠᠴᠠ ᠾᠦᠩᠨᠦᠴᠤᠳ ᠬᠢᠭᠡᠳ | ᠳ᠋ᠦᠩᠬᠤᠴᠤᠳ ᠴᠦᠮ ︽ᠲᠦᠷᠪᠡᠯᠵᠢᠨ ᠪᠤᠯᠠᠰᠢ ᠶᠢᠨ ᠰᠤᠶᠤᠯ︾ ※ ᠤᠨ ᠤᠵᠤᠭᠤᠷ ᠢᠷᠭᠡᠳ ᠪᠦᠭᠡᠳ ᠡᠨᠡ ᠬᠤᠶᠠᠷ | ᠡᠷᠲᠡᠨ ᠤ ᠠᠶᠢᠮᠠᠭ ᠤᠨ ᠪᠦᠲᠦᠭᠡᠭᠰᠡᠨ ᠰᠤᠶᠤᠯ ᠨᠢ ᠠᠲᠠᠯᠢ᠂ ᠠᠮᠢᠲᠤᠷᠠᠯ ᠵᠠᠩ ᠵᠠᠩᠰᠢᠯ ᠨᠢ ᠠᠲᠠᠯᠢ᠂ ᠴᠦᠮ | ᠲᠦᠷᠪᠡᠯᠵᠢᠨ ᠪᠤᠯᠠᠰᠢ ᠶᠢᠨ ᠬᠦᠲᠡᠭᠡᠯᠭᠡ ᠲᠠᠢ᠂ ᠨᠤᠲᠤᠭ ᠪᠡᠯᠴᠢᠭᠡᠷ ᠨᠢ ᠵᠠᠯᠭᠠᠯᠲᠤᠵᠤ ᠪᠠᠶᠢᠲᠠᠭ᠃ | ② ᠤᠲᠤᠮᠰᠢᠯ ᠤᠨ ᠤᠬᠠᠭᠠᠨ ᠤ ᠬᠠᠷᠠᠭᠠᠰᠤ ᠠᠴᠠ ᠾᠦᠩᠨᠦᠴᠤᠳ ᠬᠢᠭᠡᠳ ᠳ᠋ᠦᠩᠬᠤᠴᠤᠳ ᠢ ᠮᠠᠰᠢ ᠤᠯᠠᠨ | ᠡᠷᠲᠡᠮᠲᠡᠳ ᠬᠤᠶᠠᠭᠤᠯᠠ ᠪᠠᠨ ᠴᠦᠮ ᠮᠤᠩᠭᠤᠯᠴᠤᠳ ᠤᠨ ᠲᠡᠭᠡᠲᠦᠰ ᠭᠡᠵᠦ ᠦᠵᠡᠵᠦ ᠪᠠᠶᠢᠲᠠᠭ᠃ | ③ ᠴᠠᠭ ᠬᠢᠭᠡᠳ ᠲᠠᠷᠬᠠᠭᠰᠠᠨ ᠭᠠᠵᠠᠷ ᠤᠷᠤᠨ ᠠᠴᠠ ᠨᠢ ᠦᠵᠡᠪᠡᠯ ᠮᠤᠩᠭᠤᠯ ᠤᠨ ᠵᠡᠭᠦᠨ ᠬᠡᠰᠡᠭ ᠤᠨ | ᠲᠦᠷᠪᠡᠯᠵᠢᠨ ᠪᠤᠯᠠᠰᠢ ᠶᠢᠨ ᠰᠤᠶᠤᠯ ᠪᠣᠯ ᠲᠠᠷᠤᠢ ᠳ᠋ᠦᠩᠬᠤ ᠶᠢᠨ ᠰᠤᠶᠤᠯ ᠮᠥᠨ᠃ ᠭᠠᠵᠠᠷ ᠤᠷᠤᠨ ᠤ | ᠬᠡᠪᠴᠢᠶᠡᠨ ᠠᠴᠠ ᠨᠢ ᠦᠵᠡᠪᠡᠯ ᠾᠦᠩᠨᠦᠴᠤᠳ ᠤᠨ ᠭᠤᠤᠯ ᠴᠤᠬᠴᠠ ᠰᠤᠶᠤᠯ ᠨᠢ — ᠬᠦᠤᠨᠢ ᠭᠤᠤᠯ ᠪᠤᠯᠤᠨ | ᠤᠷᠬᠤᠨ ᠭᠤᠤᠯ ᠤᠨ ᠤᠷᠤᠰᠬᠠᠯ ᠤᠨ ᠵᠡᠭᠦᠨ ᠬᠡᠰᠡᠭ ᠤᠷᠤᠨ ᠢᠶᠠᠷ ᠬᠦᠭᠵᠢᠵᠡᠢ᠃ | ④ ᠬᠦᠮᠦᠨ ᠤᠭᠰᠠᠭ᠎ᠠ ᠶᠢᠨ ᠤᠬᠠᠭᠠᠨ ᠤ ᠬᠠᠷᠠᠭᠠᠰᠤ ᠠᠴᠠ ᠲᠦᠷᠪᠡᠯᠵᠢᠨ ᠪᠤᠯᠠᠰᠢ ᠶᠢᠨ ᠰᠤᠶᠤᠯ ᠤᠨ | ᠢᠷᠭᠡᠳ ᠤᠨ ᠶᠠᠰᠤᠨ ᠳᠤ ᠬᠢᠨᠠᠨ ᠲᠤᠭᠲᠠᠭᠠᠯ ᠬᠢᠬᠦ ᠳᠤ ᠤᠮᠠᠷᠠᠲᠤ ᠠᠽᠢᠶ᠎ᠠ ᠶᠢᠨ ᠬᠦᠮᠦᠨ ᠤ ᠤᠨᠴᠠᠯᠢᠭ ᠲᠠᠢ᠃ | ᠡᠨᠡ ᠨᠢ ᠤᠲᠤ ᠶᠢᠨ ᠮᠤᠩᠭᠤᠯ ᠬᠦᠮᠦᠨ ᠲᠠᠢ ᠲᠡᠮᠡᠢ ᠶᠡᠭᠡ ᠵᠦᠷᠢᠶ᠎ᠡ ᠦᠭᠡᠢ᠂ ᠰᠢᠶᠠᠨᠪᠢ ᠬᠦᠮᠦᠨ ᠲᠠᠢ ᠠᠲᠠᠯᠢ ᠪᠠᠷ | ᠤᠮᠠᠷᠠᠲᠤ ᠠᠽᠢᠶ᠎ᠠ ᠶᠢᠨ ᠮᠤᠩᠭᠤᠯ ᠬᠦᠮᠦᠨ ᠤ ᠲᠦᠷᠦᠯ ᠳᠤ ᠪᠠᠭᠲᠠᠭᠲᠠᠨ᠎ᠠ᠃ | ⑤ ᠤᠲᠤᠮ ᠤᠭᠰᠠᠭ᠎ᠠ ᠶᠢᠨ ᠲᠠᠯ᠎ᠠ ᠪᠠᠷ ᠲᠦᠷᠪᠡᠯᠵᠢᠨ ᠪᠤᠯᠠᠰᠢ ᠶᠢᠨ ᠰᠤᠶᠤᠯ ᠲᠠᠢ ᠮᠤᠩᠭᠤᠯ ᠤᠨ | ᠦᠨᠲᠦᠷᠯᠢᠭ ᠤᠨ ᠵᠡᠭᠦᠨ ᠪᠠ ᠲᠤᠮᠲᠠ ᠭᠡᠰᠡᠭ ᠢᠶᠠᠷ ᠤᠷᠤᠰᠢᠬᠴᠢ ᠤᠵᠤᠭᠤᠷ ᠢᠷᠭᠡᠳ ᠪᠣᠯ ᠮᠤᠩᠭᠤᠯ | ᠦᠨᠲᠦᠰᠦᠲᠡᠨ ᠤ ᠴᠦᠮ᠎ᠡ ᠶᠢ ᠪᠦᠷᠢᠯᠲᠦᠭᠦᠯᠦᠭᠰᠡᠨ ᠬᠦᠮᠦᠰ ᠪᠠᠶᠢᠵᠤ ᠳ᠋ᠦᠩᠬᠤ ᠶᠢᠨ ᠠᠶᠢᠮᠠᠭ ᠤᠨ ᠬᠤᠯᠪᠤᠭ᠎ᠠ ᠪᠤᠯᠤᠨ | ᠾᠦᠩᠨᠦ ᠶᠢᠨ ᠠᠶᠢᠮᠠᠭ ᠤᠨ ᠬᠤᠯᠪᠤᠭ᠎ᠠ ᠬᠤᠶᠠᠭᠤᠯᠠ ᠪᠠᠨ ᠴᠦᠮ ᠮᠤᠩᠭᠤᠯ ᠤᠨ ᠲᠡᠭᠡᠲᠦᠰ ᠮᠥᠨ᠃ | ⑥ ᠰᠤᠶᠤᠯ ᠤᠨ ᠤᠯᠠᠮᠵᠢᠯᠠᠯ ᠤᠨ ᠲᠠᠯ᠎ᠠ ᠠᠴᠠ ᠰᠢᠩ ᠯᠢᠩ ᠸᠠ ᠶᠢᠨ ᠰᠤᠶᠤᠯ᠂ ᠤᠯᠠᠭᠠᠨ ᠬᠠᠲᠠ ᠰᠤᠶᠤᠯ᠂ | ᠺᠠᠷᠠᠰᠦ᠋ᠺᠧ ᠰᠤᠶᠤᠯ᠂ ᠵᠤᠤᠬ᠎ᠠ ᠶᠢᠨ ᠬᠤᠭᠤᠯᠠᠢ ᠶᠢᠨ ᠰᠤᠶᠤᠯ ᠴᠦᠮ ᠠᠽᠢᠶ᠎ᠠ ᠡᠸᠦ᠋ᠷᠦᠫᠡ ᠶᠢᠨ ᠬᠦᠲᠡᠭᠡ ᠲᠠᠯ᠎ᠠ ᠶᠢᠨ | ᠰᠤᠶᠤᠯ ᠤᠨ ᠵᠡᠭᠦᠨ ᠡᠬᠢ ᠨᠦᠭᠦᠳ ᠲᠤ ᠲᠤᠭᠠᠴᠠᠬᠲᠠᠨᠠ᠃ ᠮᠤᠩᠭᠤᠯ ᠰᠤᠶᠤᠯ ᠪᠣᠯ ᠾᠦᠩᠨᠦ᠂ ᠰᠢᠶᠠᠨᠪᠢ ᠶᠢᠨ ᠬᠦᠷᠡᠯ | ᠲᠡᠮᠤᠷ ᠤᠨ ᠰᠤᠶᠤᠯ ᠢ ᠰᠢᠭᠤᠳ ᠵᠠᠯᠭᠠᠮᠵᠢᠯᠠᠵᠤ ᠬᠦᠭᠵᠢᠭᠰᠡᠨ ᠮᠤᠩᠭᠤᠯ ᠤᠨ ᠦᠨᠲᠦᠷᠯᠢᠭ ᠤᠨ ᠬᠦᠲᠡᠭᠡ ᠲᠠᠯ᠎ᠠ ᠶᠢᠨ | ᠨᠡᠭᠦᠲᠡᠯ ᠮᠠᠯᠵᠢᠯ ᠤᠨ ᠰᠤᠶᠤᠯ ᠪᠤᠯᠤᠨ᠎ᠠ᠃ ᠨᠡᠭᠦᠲᠡᠯ ᠮᠠᠯᠵᠢᠯ ᠤᠨ ᠰᠤᠶᠤᠯ ᠤᠨ ᠰᠤᠶᠤᠭᠠᠯᠠᠯ ᠨᠢ ᠲᠤᠮᠲᠠᠲᠤ ᠴᠢᠯᠠᠭᠤᠨ | ᠵᠡᠪᠰᠡᠭ ᠤᠨ ᠰᠡᠭᠦᠯᠴᠢ ᠶᠢᠨ ᠦᠶ᠎ᠡ ᠳᠤ ᠪᠤᠢ ᠪᠤᠯᠤᠭᠰᠠᠨ ᠨᠠᠷᠢᠯᠢᠭ ᠴᠢᠯᠠᠭᠤᠨ ᠵᠡᠪᠰᠡᠭ ᠤᠨ ᠡᠬᠢᠨ ᠤ ᠦᠶ᠎ᠡ ᠪᠤᠯᠤᠨ᠎ᠠ᠂ | ᠲᠦᠯᠦᠪᠵᠢᠨ ᠲᠤᠭᠲᠠᠭᠰᠠᠨ ᠨᠢ ᠨᠠᠷᠢᠯᠢᠭ ᠴᠢᠯᠠᠭᠤᠨ ᠵᠡᠪᠰᠡᠭ ᠢᠶᠠᠷ ᠭᠤᠤᠯᠯᠠᠭᠰᠠᠨ ᠰᠢᠨ᠎ᠡ ᠴᠢᠯᠠᠭᠤᠨ ᠵᠡᠪᠰᠡᠭ ᠤᠨ | ᠦᠶ᠎ᠡ ᠪᠤᠯᠤᠨ᠎ᠠ᠃ ᠨᠡᠭᠦᠲᠡᠯ ᠮᠠᠯᠵᠢᠯ ᠤᠨ ᠰᠤᠶᠤᠯ ᠪᠠᠯᠠᠷ ᠡᠷᠲᠡᠨ ᠤ ᠰᠠᠭᠤᠷᠢᠰᠢᠯ ᠮᠠᠯᠵᠢᠯ ᠠᠴᠠ ᠪᠠᠨ ᠨᠡᠭᠦᠲᠡᠯ ᠮᠠᠯ | ᠠᠵᠤ ᠠᠬᠤᠢ ᠳᠤ ᠰᠢᠯᠵᠢᠵᠦ ᠪᠡᠶ᠎ᠡ ᠪᠠᠨ ᠲᠠᠭᠠᠭᠠᠵᠤ ᠬᠡᠯᠪᠡᠷᠢᠵᠢᠭᠰᠡᠨ ᠨᠢ ᠬᠦᠷᠡᠯ ᠤᠨ ᠰᠤᠶᠤᠯ ᠤᠨ ᠦᠶ᠎ᠡ᠂ ᠨᠡᠭᠦᠲᠡᠯ | ᠮᠠᠯᠵᠢᠯ ᠤᠨ ᠰᠤᠶᠤᠯ ᠤᠨ ᠪᠦᠷᠢᠲᠦᠵᠦ ᠲᠡᠭᠦᠯᠲᠡᠷᠵᠢᠭᠰᠡᠨ ᠨᠢ ᠲᠡᠮᠤᠷ ᠤᠨ ᠰᠤᠶᠤᠯ ᠤᠨ ᠲᠦᠷᠦᠭᠦᠦ ᠦᠶ᠎ᠡ ᠪᠤᠯᠤᠨ᠎ᠠ᠃ | ᠨᠡᠭᠦᠲᠡᠯ ᠮᠠᠯ ᠠᠵᠤ ᠠᠬᠤᠢ ᠪᠣᠯ ᠨᠡᠭᠦᠲᠡᠯ ᠮᠠᠯᠵᠢᠯ ᠤᠨ ᠰᠤᠶᠤᠯ ᠤᠨ ᠭᠤᠤᠯ ᠴᠢᠮᠦᠭᠡ ᠮᠥᠨ᠂ ᠮᠤᠩᠭᠤᠯ | ᠦᠨᠲᠦᠰᠦᠲᠡᠨ ᠪᠦᠷᠢᠯᠲᠦᠬᠦ ᠠᠴᠠ ᠬᠡᠲᠦᠨ ᠮᠢᠩᠭᠠᠨ ᠵᠢᠯ ᠤᠨ ᠡᠮᠤᠨ᠎ᠡ ᠨᠡᠭᠦᠲᠡᠯ ᠮᠠᠯᠵᠢᠯ ᠤᠨ ᠰᠤᠶᠤᠯ ᠨᠢᠭᠡᠨᠲᠡ ᠪᠤᠢ | ᠪᠤᠯᠵᠤ ᠲᠤᠭᠲᠠᠪᠤᠷᠢᠵᠢᠭᠰᠠᠨ ᠪᠠᠶᠢᠲᠠᠭ᠂ ᠲᠠᠷᠤᠢ ᠾᠦᠩᠨᠦ ᠳ᠋ᠦᠩᠬᠤ ᠶᠢᠨ ᠦᠶ᠎ᠡ ᠳᠤ ᠨᠡᠭᠦᠲᠡᠯ ᠮᠠᠯᠵᠢᠯ ᠤᠨ ᠰᠤᠶᠤᠯ | ᠨᠢᠭᠡᠨᠲᠡ ᠬᠡᠯᠪᠡᠷᠢᠵᠢᠨ ᠲᠤᠭᠲᠠᠪᠤᠷᠢᠵᠢᠭᠰᠠᠨ ᠪᠢᠯᠡ᠃ ᠮᠤᠩᠭᠤᠯᠴᠤᠳ ᠪᠣᠯ ᠮᠤᠩᠭᠤᠯ ᠤᠨ ᠦᠨᠲᠦᠷᠯᠢᠭ ᠤᠨ ᠨᠡᠭᠦᠲᠡᠯ | ᠮᠠᠯᠵᠢᠯ ᠤᠨ ᠰᠤᠶᠤᠯ ᠤᠨ ᠵᠠᠯᠭᠠᠮᠵᠢᠯᠠᠭᠴᠢ᠂ ᠲᠡᠭᠦᠯᠲᠡᠷᠵᠢᠭᠦᠯᠦᠭᠴᠢ ᠪᠤᠯᠤᠨ᠎ᠠ᠃ ᠦᠭᠡᠷ᠎ᠡ ᠪᠠᠷ ᠬᠡᠯᠡᠪᠡᠯ ᠾᠦᠩᠨᠦ | ᠳ᠋ᠦᠩᠬᠤ ᠨᠠᠷ ᠤᠨ ᠲᠡᠭᠡᠲᠦᠰ ᠬᠢᠭᠡᠳ ᠲᠡᠲᠡᠨᠤᠰ ᠤᠨ ᠡᠭᠦᠲᠦᠭᠰᠡᠨ ᠨᠡᠭᠦᠲᠡᠯ ᠮᠠᠯᠵᠢᠯ ᠤᠨ ᠰᠤᠶᠤᠯ ᠵᠢᠴᠢ | ᠲᠡᠭᠦᠨ ᠠᠴᠠ ᠡᠮᠤᠨᠡᠬᠢ ᠰᠢᠨ᠎ᠠ ᠴᠢᠯᠠᠭᠤᠨ ᠵᠡᠪᠰᠡᠭ ᠤᠨ ᠦᠶ᠎ᠡ ᠶᠢᠨ ᠰᠤᠶᠤᠯ ᠴᠦᠮ ᠮᠤᠩᠭᠤᠯᠴᠤᠳ ᠤᠨ ᠨᠡᠭᠦᠲᠡᠯ | ᠮᠠᠯᠵᠢᠯ ᠤᠨ ᠰᠤᠶᠤᠯ ᠳᠤ ᠰᠢᠩᠭᠡᠨ ᠠᠭᠤᠰᠤᠭᠰᠠᠨ ᠪᠠᠶᠢᠨ᠎ᠠ᠃ ᠡᠶᠢᠮᠤ ᠠᠴᠠ ᠲᠡᠷᠡ ᠨᠢ ᠡᠴᠤᠰ ᠲᠡᠭᠡᠨ ᠮᠤᠩᠭᠤᠯ ᠤᠨ | ᠦᠨᠲᠦᠷᠯᠢᠭ ᠤᠨ ᠨᠡᠭᠦᠲᠡᠯ ᠮᠠᠯᠵᠢᠯ ᠤᠨ ᠰᠤᠶᠤᠯ ᠤᠨ ᠲᠦᠯᠦᠭᠡᠯᠡᠭᠴᠢ ᠰᠤᠶᠤᠯ ᠪᠤᠯᠤᠨ ᠲᠤᠭᠲᠠᠭᠰᠠᠨ ᠪᠠᠶᠢᠨ᠎ᠠ᠃ | ※ ︽ᠲᠦᠷᠪᠡᠯᠵᠢᠨ ᠪᠤᠯᠠᠰᠢ ᠶᠢᠨ ᠰᠤᠶᠤᠯ︾ ᠭᠡᠲᠡᠭ ᠤᠨ ᠲᠦᠷᠪᠡᠯᠵᠢᠨ ᠪᠤᠯᠠᠰᠢ ᠪᠣᠯ ᠬᠠᠭᠤᠴᠢᠨ ᠴᠢᠯᠠᠭᠤᠨ | ᠵᠡᠪᠰᠡᠭ ᠤᠨ ᠲᠡᠭᠡᠲᠦ ᠦᠶ᠎ᠡ ︵ᠰᠡᠭᠦᠯᠴᠢ ᠶᠢᠨ ᠦᠶ᠎ᠡ︶ ᠪᠠᠷ ᠡᠮᠤᠨ᠎ᠡ ᠰᠢᠪᠧᠷᠢᠶ᠎ᠡ ᠶᠢᠨ ᠮᠢᠨᠤᠴᠢᠨᠰᠺᠧ ᠶᠢᠨ | ᠬᠤᠲᠤᠭᠤᠷ ᠲᠤ ᠪᠤᠢ ᠪᠤᠯᠵᠤ᠂ ᠤᠲᠤ ᠠᠴᠠ 8000 ᠵᠢᠯ ᠤᠨ ᠡᠮᠤᠨᠡᠬᠢ ᠰᠢᠩ ᠯᠢᠩ ᠸᠠ ᠶᠢᠨ ᠰᠤᠶᠤᠯ ᠤᠨ | ᠪᠠᠭᠤᠷᠢ ᠠᠴᠠ ᠢᠯᠡᠷᠡᠭᠦᠯᠦᠭᠰᠡᠨ ᠶᠤᠮ᠃ ᠤᠯᠠᠭᠠᠨ ᠬᠠᠲᠠ ᠰᠤᠶᠤᠯ ᠤᠨ ᠤᠷᠤᠨ ᠪᠤᠯ ᠲᠦᠷᠪᠡᠯᠵᠢᠨ ᠪᠤᠯᠠᠰᠢ ᠶᠢᠨ | ᠭᠤᠤᠯ ᠤᠷᠤᠨ ᠤ ᠨᠢᠭᠡ ᠪᠠᠶᠢᠵᠤ᠂ ᠵᠡᠭᠦᠨ ᠬᠤᠶᠢᠨ᠎ᠠ ᠠᠴᠠ ᠪᠠᠷᠠᠭᠤᠨ ᠡᠮᠤᠨᠡᠰᠢ ᠦᠪᠦᠷ ᠮᠤᠩᠭᠤᠯ ᠤᠨ ᠦᠨᠲᠦᠷᠯᠢᠭ ᠢ | ᠰᠤᠨᠲᠠᠯᠠᠭᠰᠠᠨ ᠦᠨᠲᠦᠷ ᠰᠦᠷᠯᠢᠭ ᠶᠡᠭᠡ ᠬᠢᠩᠭᠠᠨ ᠲᠠᠪᠠᠭ᠎ᠠ ᠪᠣᠯ ︽ᠲᠦᠷᠪᠡᠯᠵᠢᠨ ᠪᠤᠯᠠᠰᠢ ᠶᠢᠨ ᠰᠤᠶᠤᠯ︾ ᠤᠨ | ᠭᠤᠤᠯ ᠤᠷᠤᠨ ᠤ ᠤᠭᠤᠴᠠ ᠨᠢᠷᠤᠭᠤ ᠪᠤᠯᠤᠭᠰᠠᠨ ᠠᠭᠤᠯᠠ ᠨᠢᠷᠤᠭᠤ ᠪᠤᠯᠤᠨ᠎ᠠ᠃ ᠬᠡᠷᠦᠯᠦᠨ ᠭᠤᠤᠯ ᠤᠨ ᠤᠷᠤᠰᠬᠠᠯ | ᠲᠠᠭᠠᠤ ᠤᠷᠤᠨ ᠪᠣᠯ ᠲᠦᠷᠪᠡᠯᠵᠢᠨ ᠪᠤᠯᠠᠰᠢ ᠶᠢᠨ ᠰᠤᠶᠤᠯ ᠤᠨ ᠲᠡᠯᠭᠡᠷᠡᠭᠰᠡᠨ ᠲᠦᠪ ᠤᠨ ᠨᠢᠭᠡ ᠮᠥᠨ᠃ ᠲᠦᠷᠪᠡᠯᠵᠢᠨ | ᠪᠤᠯᠠᠰᠢ ᠶᠢᠨ ᠰᠤᠶᠤᠯ ᠢ ᠲᠤᠬᠠᠢ ᠶᠢᠨ ᠠᠲᠠᠯᠢ ᠦᠶ᠎ᠡ ᠶᠢᠨ ᠰᠤᠶᠤᠯ ᠲᠠᠢ ᠬᠦᠨᠲᠡᠯᠡᠨ ᠬᠠᠷᠢᠴᠠᠭ᠎ᠠ ᠠᠴᠠ ᠨᠢ ᠠᠪᠴᠦ | ᠦᠵᠡᠪᠡᠯ᠂ ᠬᠦᠷᠡᠯ ᠵᠠᠪᠰᠡᠭ ᠤᠨ ᠬᠢᠴᠡ᠂ ᠠᠮᠢᠲᠠᠨ ᠤ ᠵᠠᠬᠪᠤᠷᠲᠤ ᠬᠡ ᠤᠷᠠᠯᠠᠯ ᠤᠨ ᠲᠠᠯ᠎ᠠ ᠳᠤ ᠡᠮᠤᠨ᠎ᠡ | ᠰᠢᠪᠧᠷᠢᠶ᠎ᠡ ᠶᠢᠨ ᠺᠠᠷᠠᠰᠦ᠋ᠺᠧ ᠶᠢᠨ ᠰᠤᠶᠤᠯ᠂ ᠲᠡᠺᠡᠷ ᠤᠨ ᠰᠤᠶᠤᠯ᠂ ᠦᠪᠦᠷ ᠮᠤᠩᠭᠤᠯ ᠤᠨ ᠤᠷᠲᠤᠰ ᠬᠦᠷᠡᠯ | ᠵᠡᠪᠰᠡᠭ ᠲᠠᠢ ᠤᠯᠠᠨ ᠲᠠᠯ᠎ᠠ ᠶᠢᠨ ᠨᠡᠶᠢᠲᠡᠯᠢᠭ ᠲᠠᠯ᠎ᠠ ᠪᠤᠯᠤᠨ ᠨᠡᠶᠢᠲᠡᠯᠢᠭ ᠰᠢᠨᠵᠢ ᠪᠠᠶᠢᠲᠠᠭ᠃ |