ᠬᠦᠯᠦᠨ ᠪᠤᠶᠢᠷ ᠤᠨ ᠪᠦᠭᠡ ᠶᠢᠨ ᠤᠨᠴᠠᠯᠢᠭ ᠪᠤᠶᠦ ᠲᠤᠯᠢᠶᠠᠳᠦ ᠪᠦᠭᠡ ᠶᠢᠨ ᠡᠮᠦᠰᠭᠡᠯ — ᠪᠠᠷᠭᠤ ᠶᠢᠨ ᠤᠷᠠᠯᠢᠭ ᠰᠤᠶᠤᠯ ᠤᠨ ︽ᠪᠠᠷᠭᠤᠵᠢᠨ — 2018︾ ᠨᠠᠭᠠᠳᠤᠮ ᠤᠨ ᠲᠤᠪᠬᠢᠮᠠᠯ ᠨᠤᠮ ᠳᠤ ᠮᠡᠳᠡᠭᠦᠯᠦᠭᠰᠡᠨ ᠦᠭᠦᠯᠡᠯ
ᠨᠡᠶᠢᠲᠡᠯᠡᠭᠰᠡᠨ ᠴᠠᠭ᠄
2019/4/1
          ᠬᠦᠯᠣᠨ ᠪᠤᠶᠢᠷ ᠤᠨ ᠲᠣᠯᠢᠶᠠᠳᠣ ᠪᠦᠬᠡ ᠶᠢᠨ ᠡᠮᠣᠰᠬᠡᠯ      ᠬᠦᠯᠣᠨ ᠪᠤᠶᠢᠷ ᠤᠨ ᠪᠦᠬᠡᠴᠢᠳ ᠬᠤᠷᠭᠤᠢ ᠡᠮᠵᠢᠶᠡᠷᠢ ᠲᠠᠢ ᠵᠣᠳᠤᠭ ᠡᠮᠣᠰᠣᠨ᠂ ᠰᠠᠶᠢᠨ ᠴᠢᠨᠠᠷ ᠤᠨ ᠰᠣᠷ ᠪᠣᠶᠣ ᠬᠠᠳᠠᠭ ᠵᠡᠷᠬᠡ ᠪᠠᠷ ᠵᠣᠳᠤᠭ ᠤᠨ ᠪᠦᠰᠡ ᠪᠣᠯᠭᠠᠨ ᠪᠦᠰᠡᠯᠡᠵᠦ᠂ ᠣᠯᠠᠭᠠᠨ᠂ ᠨᠣᠭᠤᠭᠠᠨ᠂ ᠰᠢᠷ᠎ᠠ᠂ ᠴᠡᠩᠬᠡᠷ᠂ ᠬᠦᠬᠡ ᠵᠡᠷᠬᠡ ᠶᠢᠨ ᠰᠠᠶᠢᠬᠠᠨ ᠦᠩᠭᠡ ᠲᠠᠢ ᠡᠳ᠋ ᠢᠶᠠᠷ ᠦᠷᠬᠡᠨ ᠠᠭᠤᠵᠢᠮ ᠦᠮᠣᠳᠣ ᠬᠢᠵᠦ᠂ ᠬᠦᠯ ᠳᠡᠭᠡᠨ ᠲᠦᠷᠪᠠᠨ ᠬᠦᠴᠣᠳᠠᠨ ᠢᠶᠠᠷ ᠪᠡᠯᠬᠡᠳᠡᠯ ᠪᠣᠯᠭᠠᠬᠰᠠᠨ ᠲᠣᠯᠢᠶ᠎ᠠ ᠵᠡᠬᠦᠵᠦ᠂ ᠵᠣᠵᠠᠭᠠᠨ ᠣᠯᠠ ᠲᠠᠢ ᠪᠣᠯᠢᠭᠠᠷᠢ ᠠᠷᠠᠰᠣᠨ ᠭᠤᠳᠣᠯ ᠢᠰᠬᠦᠯᠣᠨ᠂ ᠭᠤᠳᠣᠯ ᠤᠨ ᠲᠦᠷᠡᠢ ᠪᠠᠨ ᠲᠣᠯᠢᠶ᠎ᠠ ᠵᠢᠬᠢᠷᠢᠭ ᠲᠠᠢ ᠨᠢ ᠶᠠᠪ ᠴᠠᠪ ᠪᠣᠯᠭᠠᠨ ᠣᠯᠠᠭᠠᠨ᠂ ᠴᠡᠩᠬᠡᠷ᠂ ᠰᠢᠷ᠎ᠠ ᠵᠡᠷᠬᠡ ᠶᠢᠨ ᠬᠤᠷᠴᠠ ᠦᠩᠭᠡ ᠲᠠᠢ ᠱᠠᠩᠬᠠᠢ ᠲᠣᠷᠭ᠎ᠠ ᠪᠠᠷ ᠭᠤᠷᠪᠠᠨ ᠬᠤᠷᠣᠭᠤ ᠦᠷᠬᠡᠨ ᠲᠠᠷᠤᠭᠤᠯᠣᠨ ᠬᠤᠶᠢᠰᠢ ᠨᠢ ᠨᠠᠮᠢᠷᠠᠭᠤᠯᠣᠨ ᠣᠶᠠᠵᠣ ᠪᠠᠷᠢᠯᠳᠣᠨ᠎ᠠ᠃ ᠡᠶᠢᠨ ᠬᠦ ᠬᠦᠯᠣᠨ ᠪᠤᠶᠢᠷ ᠤᠨ ᠪᠦᠬᠡᠴᠢᠳ ᠤᠨ ᠪᠦᠬᠡ ᠶᠢᠨ ᠡᠮᠣᠰᠬᠡᠯ ᠬᠡᠷᠡᠭᠰᠡᠯ ᠨᠢ ᠦᠪᠡᠷᠮᠢᠴᠠ ᠣᠡᠴᠡᠯᠢᠭ᠋ ᠲᠠᠢ ᠪᠠᠶᠢᠳᠠᠭ᠃      ᠬᠤᠷᠭᠤᠢ ᠡᠮᠵᠢᠶᠡᠷᠢ ᠲᠠᠢ ᠵᠣᠳᠤᠭ ᠢ ᠬᠤᠶᠠᠷ ᠮᠦᠷᠣ ᠳᠡᠭᠡᠨ ᠡᠮᠣᠰᠴᠤ ᠭᠠᠷᠣᠯ᠎ᠠ ᠁      ᠪᠠᠷᠢᠯᠳᠣᠬᠤ ᠪᠦᠬᠡ ᠶᠢᠨ ᠲᠦᠰᠢᠯᠬᠡ ᠨᠢ ᠪᠠᠷᠢᠭᠤᠯ ᠵᠢᠬᠢᠷᠢᠭ ᠬᠤᠶᠠᠷ ᠯᠠ ᠳ᠋ᠠ ᠁ ᠬᠡᠵᠣ ᠠᠷᠠᠳ ᠤᠨ ᠳᠠᠭᠤᠤ ᠳᠤ ᠲᠠᠭᠤᠯᠠᠳᠠᠭ᠃ ᠬᠦᠯ ᠳᠡᠭᠡᠨ ᠭᠤᠷᠪᠠᠨ ᠲᠠᠪᠬᠤᠷ ᠣᠯᠠ ᠲᠠᠢ ᠠᠷᠠᠰᠣᠨ ᠭᠤᠳᠣᠯ ᠢᠰᠬᠦᠯᠵᠣ᠂ ᠡᠪᠣᠳᠦᠭ ᠰᠢᠯᠪᠢ ᠪᠠᠨ ᠬᠠᠮᠠᠭᠠᠯᠠᠬᠤ ᠶᠢᠨ ᠲᠣᠯᠠ ᠪᠠᠮᠪᠠᠢ ᠵᠢᠬᠢᠷᠢᠭ ᠵᠡᠬᠦᠵᠣ ︵ᠪᠠᠮᠪᠠᠢ ᠵᠢᠬᠢᠷᠢᠭ ᠬᠤᠶᠠᠷ ᠤᠨ ᠨᠡᠶᠢᠯᠡᠪᠣᠷᠢ ᠶᠢ ᠲᠣᠯᠢᠶ᠎ᠠ ᠬᠡᠨ᠎ᠡ︶᠂ ᠲᠣᠯᠢᠶ᠎ᠠ ᠶᠢᠨ ᠲᠣᠯᠣᠭᠠᠢ ᠨᠢ ᠰᠦᠭᠡᠮ ᠬᠢᠷᠢ ᠭᠤᠳᠣᠯ ᠤᠨ ᠲᠦᠷᠡᠢ ᠠᠴᠠ ᠲᠡᠬᠡᠭᠰᠢ ᠭᠠᠷᠬᠤ ᠵᠢᠷᠤᠭ ᠲᠠᠢ ᠬᠡᠰᠡᠭ ᠢ ᠲᠣᠯᠢ ᠬᠡᠨ᠎ᠡ᠃ ᠲᠦᠷᠪᠠᠨ ᠬᠦᠴᠣᠳᠠᠨ ᠤ ᠵᠢᠷᠤᠭ ᠲᠡᠮᠳᠡᠭ ᠲᠠᠢ ᠠᠷᠰᠯᠠᠨ᠂ ᠪᠠᠷᠰ᠂ ᠯᠣᠣ᠂ ᠭᠠᠷᠣᠳᠢ᠂ ᠰᠠᠷᠯᠤᠭ ᠤᠨ ᠪᠣᠬ᠎ᠠ ᠶᠢᠨ ᠵᠢᠷᠤᠭ ᠲᠠᠢ ᠲᠣᠯᠢᠶ᠎ᠠ ᠪᠠᠷ ᠴᠤᠭ ᠰᠦᠯᠳᠠ ᠪᠣᠯᠭᠠᠯ᠎ᠠ᠃ ᠡᠨᠡ ᠨᠢ ᠡᠷᠳᠡᠨ ᠤ ᠡᠷᠡᠯᠬᠡᠭ ᠲᠠᠶᠢᠴᠢᠳ ᠠᠴᠠ ᠢᠷᠡᠯᠳᠠ ᠲᠠᠢ᠂ ᠪᠠᠰᠠᠴᠣ ᠱᠠᠰᠢᠨ ᠤ ᠲᠦᠷᠪᠠᠨ ᠬᠦᠴᠣᠳᠠᠨ ᠤ ᠲᠠᠷᠣᠯᠭ᠎ᠠ ᠶᠢᠨ ᠢᠷᠡᠯᠳᠠ ᠲᠠᠢ᠂ ᠣᠳᠣ ᠴᠤ ᠷᠠᠰᠢᠶᠠᠨ ᠰᠦᠮ᠎ᠡ ᠶᠢᠨ ᠡᠬᠦᠳᠡᠨ ᠤ ᠲᠦᠷᠪᠡᠨ ᠬᠦᠴᠣᠳᠡᠨ ᠤ ᠱᠣᠭᠤᠮᠠᠯ ᠠᠴᠠ ᠮᠡᠳᠡᠵᠣ ᠪᠣᠯᠣᠨ᠎ᠠ᠃ ᠭᠠᠷᠣᠳᠢ ᠶᠢᠨ ᠵᠢᠷᠤᠭ ᠢ ᠭᠤᠣᠯ ᠨᠢ ᠵᠣᠳᠤᠭ ᠤᠨ ᠠᠷᠣ ᠲᠣᠯᠢ ᠪᠣᠯᠭᠠᠨ ᠬᠡᠷᠡᠭᠰᠡᠨ᠎ᠡ ︵ᠵᠣᠳᠤᠭ ᠢ ᠵᠢᠷᠤᠭ ᠠᠴᠠ ᠦᠵᠡ︶᠃      ᠡᠨᠡ ᠨᠢ ᠵᠦᠪᠬᠡᠨ ᠬᠦᠯᠣᠨ ᠪᠤᠶᠢᠷ ᠤᠨ ᠪᠦᠬᠡᠴᠣᠳ ᠤᠨ ᠪᠠᠷᠢᠯᠳᠣᠭᠠᠨ ᠤ ᠬᠡᠯᠪᠡᠷᠢ ᠪᠣᠯᠣᠨ᠎ᠠ᠃ ᠪᠡᠶ᠎ᠡ ᠳᠡᠭᠡᠨ ᠪᠣᠯᠢᠭᠠᠷᠢ ᠠᠷᠠᠰᠣᠨ ᠵᠣᠳᠤᠭ ᠵᠢᠴᠢ ᠪᠡᠷᠵᠢᠩᠬᠢ᠂ ᠪᠦᠰᠠ ᠵᠡᠷᠬᠡ ᠶᠢ ᠬᠤᠷᠭᠤᠢ ᠲᠣᠷᠭ᠎ᠠ ᠪᠠᠷ ᠦᠡᠭᠬᠡᠯᠡᠨ᠂ ᠬᠤᠷᠭᠤᠢ ᠡᠮᠵᠢᠶᠡᠷᠢ ᠲᠠᠢ ᠵᠣᠳᠤᠭ ᠢ ᠲᠣᠷᠭᠠᠨ ᠣᠳᠠᠰᠣ ᠪᠣᠶᠣ ᠰᠣᠷ ︵ᠦᠳᠡᠬᠡᠷᠢ︶ ᠢᠶᠠᠷ ᠭᠦᠪᠦᠷᠢᠳᠴᠦ ᠣᠶᠣᠨ ᠬᠢᠭᠰᠡᠨ ᠰᠢᠪᠠᠭᠤᠨ ᠵᠣᠳᠤᠭ᠂ ᠰᠡᠬᠦᠯ ᠳᠤᠨᠢ ᠮᠦᠡᠭᠬᠦᠨ ᠲᠣᠪᠣᠷᠣᠣ ᠲᠠᠢ ᠵᠣᠳᠤᠭ ᠡᠮᠣᠰᠴᠣ ᠪᠠᠷᠢᠯᠳᠣᠬᠤ ᠪᠣᠯᠵᠡᠢ ︵ᠵᠢᠷᠤᠭ ①︶᠃      ᠬᠦᠯ ᠳᠡᠭᠡᠨ ᠣᠷᠣᠰ ᠭᠤᠳᠣᠯ ᠢᠰᠬᠦᠯᠵᠣ᠂ ᠭᠤᠳᠣᠯ ᠤᠨ ᠲᠦᠷᠡᠢ ᠲᠣᠳᠣᠷ᠎ᠠ ᠪᠠᠨ ᠪᠠᠬᠢᠯᠢᠭ᠌ ᠠᠷᠠᠰᠣ ᠪᠠᠷ ᠲᠣᠰᠬᠠᠢ ᠬᠢᠭᠰᠡᠨ ᠵᠢᠬᠢᠷᠢᠭ ︵ᠵᠢᠬᠢᠷᠢᠭ᠂ ᠪᠠᠮᠪᠠᠢ᠂ ᠲᠣᠯᠢᠶ᠎ᠠ︶ ᠬᠢᠨ᠎ᠡ᠃ ᠲᠣᠯᠢᠶ᠎ᠠ ᠶᠢᠨ ᠲᠣᠯᠣᠭᠠᠢ ᠨᠢ ᠰᠦᠭᠡᠮ ᠬᠢᠷᠢ ᠭᠤᠳᠣᠯ ᠤᠨ ᠲᠦᠷᠡᠢ ᠠᠴᠠ ᠲᠡᠬᠡᠭᠰᠢ ᠭᠠᠷᠴᠣ ᠡᠪᠣᠳᠣᠭ᠌ ᠢ ᠬᠠᠮᠠᠭᠠᠯᠠᠨ᠎ᠠ᠃ ᠲᠣᠯᠢᠶ᠎ᠠ ᠶᠢᠨ ᠲᠣᠯᠣᠭᠠᠢ ᠶᠢᠨ ᠬᠡᠰᠡᠭ ᠢ ᠴᠡᠩᠬᠡᠷ᠂ ᠣᠯᠠᠭᠠᠨ᠂ ᠰᠢᠷ᠎ᠠ᠂ ᠨᠣᠭᠤᠭᠠᠨ ᠦᠡᠭᠬᠡ ᠪᠠᠷ ᠰᠢᠷᠳᠡᠵᠣ᠂ ᠲᠡᠬᠦᠨ ᠤ ᠲᠡᠬᠡᠷ᠎ᠡ ᠠᠷᠰᠯᠠᠨ᠂ ᠪᠠᠷᠰ ᠂ ᠯᠣᠣ᠂ ᠰᠠᠷᠯᠤᠭ ᠤᠨ ᠪᠣᠬ᠎ᠠ ︵ᠭᠠᠷᠣᠳᠢ ᠶᠢ ᠵᠣᠳᠤᠭ ᠤᠨ ᠠᠷᠣ ᠲᠣᠯᠢ ᠪᠣᠯᠭᠠᠨ᠎ᠠ︶ ᠵᠡᠷᠬᠡ ᠶᠢᠨ ᠬᠦᠴᠣᠳᠠᠨ ᠠᠷᠢᠶᠠᠳᠠᠨ ᠤ ᠵᠢᠷᠤᠭ ᠢ ᠭᠤᠶᠣᠯᠠᠨ ᠵᠢᠷᠣᠵᠣ ᠪᠦᠬᠡ ᠶᠢᠨ ᠰᠦᠷ ᠴᠢᠮᠡᠭ ᠪᠣᠯᠭᠠᠨ᠎ᠠ᠃ ᠲᠣᠯᠢᠶ᠎ᠠ ᠬᠦᠳᠡᠯᠬᠦ ᠠᠴᠠ ᠪᠣᠯᠭᠤᠮᠵᠢᠯᠠᠨ ᠦᠡᠭᠬᠡ ᠪᠦᠷᠢ ᠶᠢᠨ ᠲᠣᠷᠭᠠᠨ ᠱᠠᠩᠬᠠᠢ ᠪᠠᠷ ᠣᠷᠣᠰ ᠭᠤᠳᠣᠯ ᠤᠨ ᠲᠦᠷᠡᠢ ᠶᠢ ᠣᠷᠢᠶᠠᠨ ᠣᠶᠠᠵᠣ᠂ ᠬᠠᠨ ᠭᠠᠷᠣᠳᠢ ᠶᠢᠨ ᠲᠡᠪᠢᠯᠳᠠ ᠪᠠᠷ ᠲᠡᠪᠢᠨ ᠭᠠᠷᠴᠣ ᠪᠠᠷᠢᠯᠳᠣᠨ᠎ᠠ᠃ ᠪᠠᠷᠢᠴᠠ ᠨᠢ ᠰᠠᠷᠪᠡᠭᠡ ᠵᠠᠳᠠᠭᠠᠢ ᠪᠣᠶᠣ ᠲᠡᠪᠡᠷᠢᠵᠣ ᠪᠠᠷᠢᠨ᠎ᠠ᠃ ᠬᠦᠯᠣᠨ ᠪᠤᠶᠢᠷ ᠮᠠᠶ᠋ᠢᠭ ᠤᠨ ᠪᠦᠬᠡ ᠶᠢᠨ ᠮᠡᠭᠡ ᠮᠡᠷᠬᠡᠵᠢᠯ ᠤᠨ ᠣᠡᠴᠠᠯᠢᠭ ᠨᠢ ᠵᠠᠳᠠᠭᠠᠢ ᠲᠠᠰᠢᠬᠤ᠂ ᠲᠡᠪᠡᠷᠢᠵᠣ ᠲᠠᠰᠢᠬᠤ᠂ ᠪᠣᠬᠠᠬᠤ᠂ ᠭᠤᠣᠯ ᠲᠡᠬᠡᠬᠡ ᠬᠢᠬᠦ᠂ ᠬᠡᠢ ᠲᠠᠳᠠᠯᠭ᠎ᠠ ᠮᠡᠭᠡ ᠬᠢᠬᠦ᠂ ᠬᠡᠢ ᠲᠠᠳᠠᠯᠭ᠎ᠠ ᠬᠢᠵᠣ ᠪᠣᠬᠠᠬᠤ᠂ ᠬᠦᠯ ᠤᠨ ᠣᠯᠠᠨ ᠵᠦᠢᠯ ᠤᠨ ᠮᠡᠭᠡ ᠁ ᠵᠡᠷᠬᠡ ᠶᠢᠨ ᠮᠡᠭᠡ ᠮᠡᠷᠬᠡᠵᠢᠯ ᠤᠳ ᠢ ᠭᠤᠣᠯᠳᠠᠭᠤ ᠬᠡᠷᠡᠭᠯᠡᠨ᠎ᠡ᠃ ᠬᠦᠯᠣᠨ ᠪᠤᠶᠢᠷ᠂ ᠦᠵᠣᠮᠣᠴᠢᠨ ᠮᠠᠶ᠋ᠢᠭ ᠤᠨ ᠪᠠᠷᠢᠯᠳᠣᠭᠠᠨ ᠪᠣᠯ ᠮᠠᠨ ᠤ ᠣᠷᠣᠨ ᠤ ᠭᠤᠣᠯ ᠪᠣᠯᠬᠤ ᠪᠠᠷᠢᠯᠳᠣᠭᠠᠨ ᠤ ᠬᠡᠯᠪᠡᠷᠢ ᠮᠦᠨ ᠪᠦᠬᠡᠳ ᠡᠨᠡ ᠬᠤᠶᠠᠷ ᠠᠶᠢᠮᠠᠭ ︵ᠬᠤᠳᠠ︶ ᠪᠣᠯ ᠮᠠᠨ ᠤ ᠣᠷᠣᠨ ᠤ ᠪᠦᠬᠡ ᠶᠢᠨ ᠰᠠᠭᠤᠷᠢᠨ ᠭᠠᠵᠠᠷ ᠪᠣᠯᠬᠤ ᠶᠢᠨ ᠬᠠᠮᠳᠣ ᠮᠠᠨ ᠤ ᠣᠷᠣᠨ ᠤ ᠪᠦᠬᠡ ᠶᠢᠨ ᠦᠯᠣᠬᠡᠢ ᠨᠣᠳᠤᠭ ᠪᠤᠯᠬᠤ ᠶᠣᠮ ᠬᠡᠵᠣ ᠪᠦᠬᠡ ᠶᠢᠨ ᠰᠣᠳᠣᠯᠭᠠᠳᠠᠨ ᠡᠷᠳᠡᠮᠳᠡᠳ ᠦᠨᠡᠯᠡᠯᠳᠠ ᠦᠭᠭᠦᠭᠰᠡᠨ ᠪᠢᠯᠡ᠃ 1987 ᠣᠨ ᠤ ᠦᠪᠣᠷ ᠮᠣᠩᠭᠤᠯ ᠤᠨ ᠲᠦᠴᠢᠨ ᠵᠢᠯ ᠤᠨ ᠪᠦᠬᠡ ᠶᠢᠨ ᠱᠠᠩᠨᠡᠯ ᠳᠤ ᠦᠭᠴᠣ ᠪᠠᠶᠢᠬᠰᠠᠨ ︽ᠲᠠᠮᠢᠷ ᠤᠨ ᠲᠣᠯᠢ︾ ᠬᠡᠬᠦ ᠨᠣᠮ ᠳᠤ ᠢᠡᠭᠬᠢᠵᠦ ᠪᠢᠴᠢᠵᠣ ᠪᠠᠶᠢᠯ᠎ᠠ᠂ ᠲᠣᠰ ᠨᠠᠶᠢᠷ ᠲᠤᠬᠠᠢ ᠶᠢᠨ ᠦᠶ᠎ᠡ ᠳᠤ ᠦᠪᠣᠷ ᠮᠣᠩᠭᠤᠯ ᠤᠨ ᠪᠠᠭᠰᠢ ᠶᠢᠨ ᠶᠡᠭᠡ ᠰᠣᠷᠭᠠᠭᠤᠯᠢ ᠶᠢᠨ ᠲᠠᠮᠢᠷ ᠤᠨ ᠲᠠᠯᠠᠪᠠᠢ ᠳᠤ ᠶᠠᠪᠣᠬᠳᠠᠵᠡᠢ᠃      ᠬᠦᠯᠣᠨ ᠪᠤᠶᠢᠷ ᠪᠦᠬᠡ ᠶᠢᠨ ᠵᠣᠳᠤᠭ ᠤᠨ ᠲᠣᠬᠠᠢ      ᠪᠦᠬᠡ ᠭᠠᠷᠴᠣ ᠵᠣᠳᠣᠬᠯᠠᠬᠤ ᠨᠢ ᠪᠠᠷᠢᠯᠳᠣᠭᠠᠨ ᠤ ᠡᠬᠢᠯᠡᠯᠳᠠ ᠶᠢᠨ ᠭᠤᠣᠯ ᠨᠢᠬᠡᠨ ᠠᠵᠢᠯ ᠪᠣᠯᠣᠨ᠎ᠠ᠃ ᠵᠣᠳᠣᠬᠯᠠᠵᠣ ᠪᠠᠷᠢᠯᠳᠣᠬᠤ ᠨᠢ ᠬᠡᠳᠤ ᠬᠡᠳᠣᠨ ᠲᠦᠷᠣ᠂ ᠴᠠᠭ ᠡᠷᠢᠨ ᠢ ᠦᠡᠭᠬᠡᠷᠡᠬᠡᠵᠡᠢ᠃ ᠡᠷᠳᠡ ᠳᠤ ᠨᠦᠬᠦᠴᠠᠯ ᠪᠠᠷᠣᠬᠳᠠᠢ ᠵᠢᠴᠢ ᠨᠡᠶᠢᠬᠡᠮ ᠤᠨ ᠬᠠᠷᠢᠴᠠᠭ᠎ᠠ ᠠᠳᠠᠯᠢ ᠦᠬᠡᠢ ᠠᠴᠠ ᠪᠠᠶᠠᠨ ᠨᠣᠶᠠᠠ ᠠᠶᠢᠯ ᠤᠨ ᠬᠡᠣᠬᠡᠳ ᠬᠢᠬᠡᠳ ᠡᠬᠡᠯ ᠠᠷᠠᠳ ᠤᠨ ᠬᠡᠦᠬᠡᠳ ᠤᠨ ᠵᠦᠷᠢᠶᠠᠨ ᠶᠡᠭᠡ ᠪᠠᠶᠢᠵᠠᠢ᠃ ᠠᠮᠢᠳᠣᠷᠠᠯ ᠰᠠᠶᠢᠨ ᠠᠶᠢᠯ ᠤᠨ ᠪᠦᠬᠡ ᠨᠢ ᠮᠦᠡᠭᠬᠦᠨ ᠲᠣᠪᠣᠷᠣᠣ ᠲᠠᠢ ᠵᠣᠳᠤᠭ ᠲᠠᠢ ᠪᠠᠷᠢᠯᠳᠣᠬᠤ ᠳᠤ ᠡᠬᠡᠯ ᠠᠷᠠᠳ ᠤᠨ ᠬᠡᠦᠬᠡᠳ ᠤᠳ ᠮᠠᠭᠤ ᠵᠣᠳᠤᠭ ᠪᠣᠶᠣ ᠲᠡᠪᠡᠯ ᠤᠨ ᠪᠦᠰᠡ ᠪᠠᠨ ᠮᠦᠷᠣᠪᠴᠢᠯᠠᠨ ᠪᠦᠰᠡᠯᠡᠵᠣ ᠵᠣᠳᠤᠭ ᠲᠠᠶᠣᠣ ᠪᠣᠯᠭᠠᠨ ᠪᠠᠷᠢᠯᠳᠣᠳᠠᠭ᠂ ᠠᠷᠠᠳ ᠤᠨ ᠨᠢᠬᠡᠳᠣᠯ ᠤᠨ ᠦᠶ᠎ᠠ ᠳᠤ ᠰᠠᠶᠢᠨ ᠪᠠᠷᠢᠯᠳᠣᠬᠤ ᠪᠦᠬᠡ ᠳᠤ ᠰᠣᠮᠣ ᠨᠢᠬᠡᠳᠣᠯ᠂ ᠬᠤᠰᠢᠭᠤᠨ ᠠᠴᠠ ᠲᠣᠰᠬᠠᠢ ᠵᠣᠳᠤᠭ ᠭᠤᠳᠣᠯ ᠵᠢᠬᠢᠷᠢᠭ ᠬᠢᠯᠬᠡᠨ ᠦᠭᠴᠣ ᠵᠣᠷᠢᠬᠵᠢᠭᠤᠯᠳᠠᠭ ᠪᠠᠶᠢᠯ᠎ᠠ᠃ ᠣᠳᠣ ᠨᠡᠶᠢᠭᠡᠮ ᠬᠦᠭᠵᠢᠵᠦ᠂ ᠠᠮᠢᠳᠣᠷᠡᠯ ᠰᠠᠶᠢᠵᠢᠷᠠᠬᠰᠠᠨ ᠠᠴᠠ ᠬᠦᠮᠳ ᠪᠦᠬᠦᠨ ᠡᠷᠬᠡ ᠲᠡᠭᠰᠢ᠂ ᠪᠦᠬᠡ ᠳᠤ ᠲᠣᠷᠠᠳᠠᠢ ᠬᠦᠮᠳ ᠪᠦᠬᠦᠨ ᠦᠪᠡᠷ ᠲᠡᠭᠡᠨ ᠮᠦᠡᠭᠬᠦᠨ ᠲᠣᠪᠣᠷᠣᠣ ᠲᠠᠢ ᠵᠣᠳᠤᠭ ᠬᠢᠯᠬᠡᠵᠣ ᠪᠠᠷᠢᠯᠳᠣᠬᠤ ᠪᠣᠯᠵᠡᠢ᠃ ᠲᠡᠭᠡᠷ᠎ᠠ ᠵᠠᠭᠤᠨ ᠤ 70᠂ 80᠂ 90 ᠬᠡᠳ ᠣᠨ ᠤ ᠡᠬᠢᠨ ᠤ ᠦᠶᠠᠰ ᠲᠤ ᠮᠠᠨ ᠤ ᠨᠣᠳᠤᠭ ᠤᠨ ᠪᠠᠷᠢᠯᠳᠣᠬᠤ ᠪᠦᠬᠡ ᠨᠦᠭᠦᠳ ︽ᠪᠡᠷᠵᠢᠩᠬᠡᠨ ᠵᠣᠳᠤᠭ︾ ᠤᠨ ᠠᠷᠣ ᠲᠡᠬᠡᠷ᠎ᠡ ᠲᠠᠪᠣᠨ ᠬᠤᠰᠢᠭᠤᠳᠣ ᠣᠳᠣ ᠪᠠᠷ ᠵᠣᠳᠤᠭ ᠤᠨ ᠲᠣᠯᠢ ᠪᠣᠯᠭᠠᠨ᠂ ᠣᠯᠠᠭᠠᠨ ᠪᠦᠰ ᠡᠮᠵᠢᠶᠠᠷᠢ ᠲᠠᠢ ᠵᠣᠳᠤᠭ ᠲᠠᠢ ᠪᠠᠷᠢᠯᠳᠤᠳᠠᠭ ᠪᠠᠶᠢᠪᠠ ︵ᠵᠢᠷᠤᠭ ②︶᠂ ᠰᠡᠬᠦᠯ ᠳᠤᠨᠢ ᠣᠳᠣ ᠡᠮᠵᠢᠶᠠᠷᠢ ᠨᠢ ᠰᠣᠯᠢᠭᠳᠠᠵᠣ᠂ ᠲᠣᠷᠭ᠎ᠠ ᠬᠤᠷᠭᠤᠢ ᠪᠠᠷ ᠡᠮᠵᠢᠶᠠᠷᠢᠯᠠᠨ ᠣᠯᠠᠮ ᠴᠤ ᠭᠤᠶᠣ ᠰᠠᠶᠢᠬᠠᠨ ᠪᠣᠯᠵᠡᠢ᠃ ᠵᠣᠳᠤᠭ ᠤᠨ ᠬᠠᠨᠴᠣᠢ ᠳᠤ ᠲᠦᠷᠪᠠᠨ ᠬᠤᠷᠣᠭᠤ ᠶᠢ ᠰᠢᠭᠠᠵᠣ ᠪᠠᠷᠢᠬᠤ ᠪᠠᠷᠢᠴᠠ ᠦᠭᠬᠦᠨ᠎ᠠ᠂ ᠵᠣᠳᠤᠭ ᠤᠨ ᠪᠦᠰᠠ ᠶᠢ ᠭᠤᠷᠪᠠ ᠲᠦᠷᠪᠠᠨ ᠬᠤᠷᠣᠭᠤ ᠰᠣᠯᠠ ᠪᠦᠰᠡᠯᠡᠨ᠎ᠡ᠃ ᠦᠪᠣᠷ ᠮᠣᠩᠭᠤᠯ ᠤᠨ ᠲᠦᠴᠢᠨ ᠵᠢᠯ ᠤᠨ ᠣᠢ ᠠᠴᠠ ᠬᠤᠶᠢᠰᠢ ᠣᠷᠣᠨ ᠤ ᠪᠠᠷᠢᠮᠵᠢᠶ᠎ᠠ ᠵᠣᠳᠤᠭ ᠬᠡᠵᠣ ᠡᠷᠬᠡ ᠮᠡᠳᠡᠯ ᠲᠠᠢ ᠬᠡᠳᠣᠨ ᠪᠠᠭᠰᠢ᠂ ᠲᠠᠷᠤᠭ᠎ᠠ ᠨᠠᠷ ᠪᠣᠰᠣᠳ ᠤᠨ ᠵᠠᠩ ᠲᠠᠳᠬᠠᠯ ᠢ ᠦᠯᠣ ᠬᠠᠶᠢᠬᠤᠷᠤᠨ᠂ ᠦᠵᠣᠮᠣᠴᠢᠨ ᠮᠠᠶ᠋ᠢᠭ ᠤᠨ ᠵᠣᠳᠤᠭ ᠡᠮᠦᠰᠬᠦ ᠶᠢ ᠱᠠᠭᠠᠷᠳᠠᠭᠰᠠᠨ ᠠᠴᠠ ᠣᠳᠣ ᠴᠤ ᠮᠦᠨ ᠬᠡᠷᠡᠭᠯᠡᠵᠤ ᠪᠠᠶᠢᠨ᠎ᠠ᠃      ᠬᠦᠯᠣᠨ ᠪᠤᠶᠢᠷ ᠤᠨ ᠪᠦᠬᠡ ᠶᠢᠨ ᠵᠣᠳᠤᠭ ᠨᠢ ᠦᠪᠡᠷᠮᠢᠴᠠ ᠣᠡᠴᠡᠯᠢᠭ᠋ ᠲᠠᠢ ᠪᠠᠶᠢᠳᠠᠭ      ᠰᠢᠪᠠᠭᠤᠨ ᠵᠣᠳᠤᠭ ᠵᠢᠴᠢ ᠪᠢᠳᠡᠬᠦᠣ ᠵᠣᠳᠤᠭ᠂ ᠬᠠᠨᠵᠢᠶᠠᠷ ᠵᠣᠳᠤᠭ ᠬᠡᠵᠣ ᠭᠤᠷᠪᠠᠨ ᠵᠦᠢᠯ ᠤᠨ ᠵᠣᠳᠤᠭ ᠪᠠᠶᠢᠪᠠ᠃      1. ᠰᠢᠪᠠᠭᠤᠨ ᠵᠣᠳᠤᠭ ᠢ ᠨᠠᠶᠢᠳᠡᠮ ᠡᠮᠦᠰᠦᠨ᠎ᠡ᠂ ᠪᠡᠶ᠎ᠡ ᠳᠤ ᠶᠠᠪ ᠴᠠᠪ ᠵᠣᠬᠢᠴᠠᠵᠣ ᠦᠪᠡᠷ ᠤᠨ ᠪᠡᠶ᠎ᠡ ᠳᠤ ᠲᠣᠩ ᠡᠪ ᠲᠠᠢ ᠪᠠᠶᠢᠳᠠᠭ᠂ ᠪᠠᠷᠢᠯᠳᠣᠬᠤ ᠦᠶᠡᠰ ᠲᠤ ᠨᠦᠬᠦᠭᠡ ᠲᠠᠯ᠎ᠠ ᠮᠢᠨᠢ ᠪᠠᠷᠢᠴᠠ ᠠᠪᠬᠤ ᠳᠤ ᠭᠠᠷ ᠤᠨ ᠠᠳᠬᠤ ᠲᠦᠬᠦᠷᠬᠦ ᠦᠬᠡᠢ ᠪᠡᠷᠬᠡ ᠪᠠᠶᠢᠳᠠᠭ ︵ᠵᠢᠷᠤᠭ ③︶᠃ ᠵᠣᠳᠤᠭ ᠤᠨ ᠣᠷᠳᠣ ᠨᠢ ᠪᠦᠬᠡ ᠶᠢᠨ ᠵᠡᠬᠦᠨ ᠲᠣᠬᠤᠢ ᠠᠴᠠ ᠪᠠᠷᠠᠭᠤᠨ ᠲᠣᠬᠤᠢ ᠶᠢᠨ ᠬᠢᠷᠢ ᠣᠷᠳᠣ᠂ ᠣᠬᠤᠷ ᠬᠠᠨᠴᠣᠢ ᠲᠠᠢ᠂ ᠨᠢᠷᠣᠭᠤᠨ ᠤ ᠣᠷᠳᠣ ᠨᠢ ᠣᠬᠤᠷ ᠪᠠᠶᠢᠳᠠᠭ ︵ᠬᠤᠶᠠᠷ ᠰᠦᠬᠡᠮ︶᠃      2. ᠪᠢᠳᠡᠬᠦᠣ ᠵᠣᠳᠤᠭ ᠢ ᠲᠡᠶᠢᠮᠣ ᠣᠯᠠᠨ ᠪᠦᠬᠡ ᠡᠮᠦᠰᠳᠡᠭ ᠦᠬᠡᠢ᠂ ᠬᠠᠨᠴᠣᠢ ᠶᠢᠨ ᠣᠷᠳᠣ ᠨᠢ ᠲᠡᠬᠡᠷᠡᠬᠢ ᠲᠠᠢ ᠠᠳᠠᠯᠢ ᠲᠣᠬᠤᠢ ᠠᠴᠠ ᠢᠯᠡᠬᠦᠣ ᠭᠠᠷᠬᠤ ᠦᠬᠡᠢ᠂ ᠨᠢᠷᠣᠭᠤ ᠨᠢ ᠣᠷᠳᠣ᠂ ᠬᠡᠳᠡᠰᠣ ᠪᠠᠷ ᠨᠢ ᠪᠢᠳᠡᠬᠦᠣ ᠴᠡᠬᠡᠵᠢᠨ ᠬᠡᠰᠡᠭ ᠢᠶᠠᠨ ᠭᠠᠷᠭᠠᠨ᠎ᠠ᠂ ᠪᠢᠳᠡᠬᠦᠣ ᠵᠣᠳᠤᠭ ᠨᠢ ᠪᠡᠶ᠎ᠡ ᠪᠦᠳᠣᠬᠦᠨ ᠲᠠᠢ ᠪᠦᠬᠡ ᠡᠮᠣᠰᠪᠠᠯ ᠪᠠᠷᠢᠴᠠ ᠣᠯᠬᠤ ᠳᠤ ᠲᠣᠩ ᠬᠦᠴᠢᠷ ᠪᠠᠶᠢᠳᠠᠭ ︵ᠪᠠᠷᠢᠴᠠ ᠣᠯᠬᠤ ᠳᠤ ᠡᠪ ᠦᠬᠡᠢ ᠪᠠᠶᠢᠳᠠᠭ︶᠃      3. ᠬᠠᠨᠵᠢᠶᠠᠷ ᠮᠠᠶ᠋ᠢᠭ ᠤᠨ ᠵᠣᠳᠤᠭ ᠭᠡᠵᠦ ᠪᠠᠶᠢᠳᠠᠭ᠂ ᠵᠣᠳᠤᠭ ᠨᠢ ᠬᠠᠨᠵᠢᠶᠠᠷ ᠬᠡᠯᠪᠡᠷᠢ ᠲᠠᠢ᠂ ᠬᠡᠪᠡᠴᠣ ᠪᠢᠳᠡᠬᠦᠣ ᠵᠣᠳᠤᠭ ᠢ ᠪᠣᠳᠣᠪᠠᠯ ᠬᠡᠳᠡᠰᠣᠨ ᠬᠡᠰᠡᠭ ᠢᠶᠠᠨ ᠢᠯᠡ ᠭᠠᠷᠭᠠᠨ᠎ᠠ᠂ ᠨᠢᠷᠣᠭᠤᠨ ᠤ ᠬᠡᠰᠡᠭ ᠨᠢ ᠰᠢᠪᠠᠭᠤᠨ ᠵᠣᠳᠤᠭ ᠲᠠᠢ ᠠᠳᠠᠯᠢ᠃ ᠰᠢᠪᠠᠭᠤᠨ ᠵᠣᠳᠤᠭ᠂ ᠬᠠᠨᠵᠢᠶᠠᠷᠤᠨ ᠵᠣᠳᠤᠭ ᠤᠨ ᠪᠦᠰᠠ ᠪᠦᠷ ᠠᠳᠠᠯᠢ᠂ ᠴᠢᠨᠠᠷ ᠰᠠᠶᠢᠲᠠᠢ ᠰᠣᠷ᠂ ᠬᠠᠳᠠᠭ ᠪᠤᠶᠦ ᠲᠣᠷᠭ᠎ᠠ ᠪᠠᠷ ᠵᠣᠳᠤᠭ ᠤᠨ ᠪᠦᠰᠠ ᠪᠣᠯᠭᠠᠨ᠂ ᠪᠢᠳᠡᠬᠦᠣ ᠵᠣᠳᠤᠭ ᠢ ᠴᠢᠨᠠᠷ ᠰᠠᠶᠢᠲᠠᠢ ᠨᠠᠷᠢᠬᠠᠨ ᠰᠣᠷ ᠢᠶᠠᠷ ᠦᠳᠡᠨ ᠪᠦᠰᠡᠯᠡᠨ᠎ᠡ᠃      ᠬᠦᠯᠣᠨ ᠪᠤᠶᠢᠷ ᠪᠦᠬᠡ ᠶᠢᠨ ᠡᠮᠣᠰᠬᠡᠯ ︵ᠦᠮᠣᠳᠣ︶      ᠬᠦᠯᠣᠨ ᠪᠤᠶᠢᠷ ᠪᠦᠬᠡ ᠶᠢᠨ ᠡᠮᠣᠰᠬᠡᠯ ︵ᠦᠮᠣᠳᠣ︶ ᠨᠢ ᠦᠪᠡᠷᠮᠢᠴᠠ ᠣᠡᠴᠡᠯᠢᠭ᠋ ᠲᠠᠢ᠃ ᠤᠷᠢᠳᠦ ᠳᠠᠭᠠᠨ ᠦᠮᠣᠳᠣ ᠶᠢᠨ ᠲᠦᠷᠡᠢ ᠪᠠᠨ ᠲᠡᠬᠡᠭᠰᠢ ᠰᠢᠭᠤᠵᠣ ᠱᠣᠳᠤᠭ ᠮᠠᠶ᠋ᠢᠭ ᠲᠠᠢ ᠪᠣᠯᠭᠠᠨ᠂ ᠯᠠᠮᠠ ᠨᠠᠷ ᠨᠢ ᠪᠠᠩᠵᠠᠯ ᠤᠨ ᠬᠤᠷᠮᠦ᠋ᠢᠪᠴᠢ ᠪᠠᠨ ᠲᠡᠬᠡᠭᠰᠢ ᠰᠢᠭᠤᠵᠣ ᠪᠦᠰᠡᠯᠡᠨ᠂ ᠬᠠᠯᠬ᠎ᠠ ᠮᠠᠶ᠋ᠢᠭ ᠢᠶᠠᠷ ᠪᠦᠳᠣᠬᠦᠨ ᠭᠤᠶ᠎ᠠ ᠪᠠᠨ ᠠᠯᠠᠭᠠᠳᠠᠨ ᠰᠠᠪᠠᠭ᠎ᠠ ᠲᠡᠪᠢᠯᠬᠡ ᠬᠢᠵᠣ ᠲᠡᠪᠢᠨ ᠭᠠᠷᠣᠨ᠎ᠠ᠂ 1948 ᠣᠨ ᠤ ᠭᠠᠨᠵᠣᠣᠷ ᠴᠤᠭᠯᠠᠭᠠᠨ ᠢ ᠬᠦᠯᠣᠨ ᠪᠤᠶᠢᠷ ᠠᠶᠢᠮᠠᠭ ᠤᠨ ᠠᠩᠬᠠᠳᠠᠬᠴᠢ ᠠᠷᠠᠳ ᠤᠨ ᠨᠠᠭᠠᠳᠣᠮ ᠤᠨ ᠬᠤᠷᠠᠯ ᠪᠣᠯᠭᠠᠨ ᠦᠬᠡᠷᠡᠴᠢᠯᠡᠭᠰᠠᠨ ᠠᠴᠠ ᠪᠣᠯᠪᠠᠰᠣᠨ ᠮᠣᠷᠠᠯ ᠬᠡᠵᠣ ᠡᠮᠣᠰᠬᠡᠯ ᠦᠮᠣᠳᠣ ᠶᠢ ᠣᠳᠣ ᠶᠢᠨ ᠮᠠᠶ᠋ᠢᠭ ᠲᠠᠢ ᠭᠤᠶ᠎ᠠ ᠪᠠᠨ ᠭᠠᠷᠭᠠᠬᠤ ᠦᠬᠡᠢ ᠠᠭᠤᠵᠢᠮ ᠦᠮᠦᠳᠦ ᠲᠠᠢ ᠪᠠᠷᠢᠯᠳᠣᠬᠤ ᠪᠣᠯᠭᠠᠵᠠᠢ᠃ ᠲᠠᠬᠦᠨ ᠠᠴᠠ ᠬᠤᠶᠢᠰᠢ ᠣᠳᠣ ᠶᠢᠨ ᠮᠠᠶ᠋ᠢᠭ ᠲᠠᠢ ᠣᠯᠠᠭᠠᠨ᠂ ᠨᠣᠭᠤᠭᠠᠨ᠂ ᠰᠢᠷ᠎ᠠ᠂ ᠬᠦᠬᠡ᠂ ᠴᠡᠩᠬᠡᠷ ᠦᠡᠭᠬᠡ ᠶᠢᠨ ᠲᠣᠷᠭ᠎ᠠ ᠱᠠᠩᠬᠠᠢ ᠵᠡᠷᠬᠡ ᠶᠢᠨ ᠲᠦᠪ ᠬᠤᠷᠴᠠ ᠦᠡᠭᠬᠡ ᠶᠢᠨ ᠡᠮᠣᠰᠬᠡᠯ ᠦᠮᠣᠳᠣ ᠡᠮᠦᠰᠬᠦ ᠪᠣᠯᠵᠠᠢ᠂ ᠡᠮᠣᠰᠬᠡᠯ ᠦᠮᠣᠳᠣ ᠶᠢ ᠬᠢᠬᠦ ᠳᠤ ᠭᠤᠷᠪᠠ ᠠᠴᠠ ᠲᠦᠷᠪᠠᠨ ᠮᠧᠳ᠋ᠷ ᠪᠦᠰ ᠬᠡᠷᠡᠭᠰᠡᠨ᠎ᠡ ︵ᠵᠢᠷᠤᠭ ④︶᠃ ᠡᠨᠡ ᠨᠢ ᠲᠦᠷᠣ ᠶᠢᠨ ᠪᠣᠳᠣᠯᠭ᠎ᠠ᠂ ᠨᠡᠶᠢᠬᠡᠮ ᠤᠨ ᠬᠦᠭᠵᠢᠯᠳᠠ᠂ ᠠᠷᠠᠳ ᠤᠨ ᠠᠮᠢᠳᠣᠷᠠᠯ ᠤᠨ ᠰᠠᠶᠢᠵᠢᠷᠠᠯᠳᠠ ᠠᠴᠠ ᠬᠤᠪᠢᠷᠠᠬᠤ ᠨᠢ ᠵᠢᠮ᠎ᠡ ᠶᠣᠰᠣ ᠶᠣᠮ᠃      ᠯᠠᠪᠯᠠᠯᠳᠠ ᠪᠣᠯᠭᠠᠬᠤ ᠵᠦᠢᠯ᠄ ᠲᠣᠯᠢᠶ᠎ᠠ ᠶᠢᠨ ᠲᠦᠷᠪᠠᠨ ᠬᠦᠴᠣᠳᠠᠨ ᠤ ᠵᠢᠷᠤᠭ ᠵᠢᠴᠢ ᠡᠮᠣᠰᠬᠡᠯ ︵ᠦᠮᠣᠳᠣ︶ ᠤᠨ ᠦᠡᠭᠬᠡ ᠲᠣᠬᠢᠷᠠᠭᠤᠯᠬᠤ ᠨᠢ ᠲᠣᠰ ᠬᠦᠮᠣᠨ ᠤ ᠵᠢᠯ ᠤᠨ ᠦᠡᠭᠬᠡ ᠲᠠᠢ ᠨᠢ ᠬᠤᠯᠪᠣᠨ ᠪᠣᠳᠣᠬᠤ ᠠᠷᠭ᠎ᠠ ᠪᠠᠶᠢᠳᠠᠭ ᠶᠣᠮ᠃      ᠠᠵᠠ ᠲᠠᠢ ᠬᠡᠶᠢᠮᠣᠷᠢ ᠲᠠᠢ ᠪᠠᠶᠢᠬᠤ ᠶᠢ ᠬᠦᠰᠡᠭᠴᠢ ᠲᠠ ᠪᠦᠬᠦᠨ ᠮᠢᠨᠢ᠃ ᠷᠠᠪᠨᠠᠶᠢᠯᠠᠭᠰᠠᠨ ᠬᠡᠶᠢᠮᠣᠷᠢ ᠶᠢ ᠵᠢᠯ ᠢᠶᠠᠷ ᠢᠶᠠᠨ ᠲᠣᠬᠢᠷᠠᠭᠤᠯᠵᠣ ᠠᠪᠣᠭᠠᠷᠠᠢ︕      1. ᠬᠤᠯᠣᠭᠠᠨ᠎ᠠ᠂ ᠯᠣᠣ᠂ ᠪᠡᠴᠢ ᠵᠢᠯᠳᠠᠨ ᠤ ᠦᠡᠭᠬᠡ ᠨᠢ ᠬᠦᠬᠡ᠃      2. ᠪᠠᠷᠰ᠂ ᠮᠣᠷᠢ᠂ ᠨᠣᠬᠠᠢ ᠵᠢᠯᠳᠠᠨ ᠤ ᠦᠡᠭᠬᠡ ᠨᠢ ᠰᠢᠷ᠎ᠠ᠃      3. ᠦᠬᠡᠷ᠂ ᠲᠠᠬᠢᠶ᠎ᠠ᠂ ᠮᠣᠭᠠᠢ ᠵᠢᠯᠳᠠᠨ ᠤ ᠦᠡᠭᠬᠡ ᠨᠢ ᠴᠠᠭᠠᠨ᠃      4. ᠲᠠᠣᠯᠠᠢ᠂ ᠭᠠᠭ᠋ᠠᠢ᠂ ᠬᠤᠨᠢ ᠵᠢᠯᠳᠠᠨ ᠤ ᠦᠡᠭᠬᠡ ᠨᠢ ᠨᠣᠭᠤᠭᠠᠨ᠃      5. ᠣᠯᠠᠭᠠᠨ ᠦᠡᠭᠬᠡ ᠪᠣᠯ ᠶᠠᠮᠠᠷᠴᠣ ᠵᠢᠯᠳᠠᠨ ᠳᠤ ᠲᠣᠬᠢᠷᠠᠨ᠎ᠠ᠃      ᠬᠦᠯᠣᠨ ᠪᠤᠶᠢᠷ ᠪᠦᠬᠡ ᠶᠢᠨ ᠲᠣᠯᠢᠶ᠎ᠠ ᠶᠢᠨ ᠲᠣᠬᠠᠢ ᠬᠦᠯᠣᠨ ᠪᠤᠶᠢᠷ ᠪᠦᠬᠡ ᠶᠢᠨ ᠲᠣᠯᠢᠶ᠎ᠠ ᠶᠢ ᠠᠯᠢ ᠡᠷᠳᠡᠨ ᠠᠴᠠ ᠣᠯᠠᠮᠵᠢᠯᠠᠠ ᠬᠡᠷᠡᠭᠯᠡᠭᠰᠡᠬᠡᠷ ᠢᠷᠡᠭᠰᠠᠨ ᠢ ᠲᠡᠣᠬᠡᠨ ᠮᠠᠲ᠋ᠧᠷᠢᠶᠠᠯ ᠬᠡᠷᠡᠴᠢᠯᠡᠨ᠎ᠡ᠃ ᠬᠡᠪᠡᠴᠣ ᠲᠣᠯᠢᠶ᠎ᠠ ᠶᠢᠨ ᠨᠡᠷᠡᠶᠢᠳᠣᠯ ᠨᠢ ᠠᠳᠠᠯᠢ ᠪᠣᠰᠣ ᠭᠠᠵᠠᠷ ᠣᠷᠣᠨ᠂ ᠴᠠᠭ ᠦᠶ᠎ᠡ ᠶᠢᠨ ᠬᠤᠪᠢᠷᠠᠯᠳᠠ ᠠᠴᠠ ᠪᠤᠯᠵᠤ᠂ ᠠᠳᠠᠯᠢ ᠪᠣᠰᠣ ᠶᠢᠨ ᠨᠡᠷᠡᠶᠢᠳᠣᠯ ᠢᠶᠠᠷ ᠶᠠᠷᠢᠭᠳᠠᠨ ᠬᠡᠷᠡᠭᠯᠡᠭᠰᠡᠬᠡᠷ ᠢᠷᠡᠵᠡᠢ᠃ ᠬᠠᠷᠢᠨ ᠮᠠᠨ ᠤ ᠬᠦᠯᠣᠨ ᠪᠤᠶᠢᠷ ᠲᠤ ᠣᠳᠣ ᠪᠣᠯᠳᠠᠯ᠎ᠠ ᠡᠨᠡᠬᠦ ᠦᠪ ᠰᠣᠶᠣᠯ ᠢ ᠬᠡᠷᠡᠭᠯᠡᠨ ᠬᠠᠳᠠᠭᠠᠯᠠᠬᠰᠠᠭᠠᠷ ᠢᠷᠡᠭᠰᠠᠨ ᠢ 2013 ᠣᠨ ᠤ 11 ᠰᠠᠷ᠎ᠠ ᠳᠤ᠂ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ︽ᠣᠷᠣᠨ ᠤ ᠲᠡᠰ ᠤᠨ ᠪᠣᠳᠡᠰ ᠤᠨ ᠪᠣᠰᠣ ᠰᠣᠶᠣᠯ ᠤᠨ ᠦᠪ︾ ᠢ ᠦᠪᠯᠡᠨ ᠣᠯᠠᠮᠵᠢᠯᠠᠬᠴᠢ ᠶᠢ ᠬᠢᠨᠠᠨ ᠦᠨᠡᠯᠡᠬᠦ ᠭᠠᠵᠠᠷ ᠠᠴᠠ ᠬᠢᠨᠠᠨ ᠦᠨᠡᠯᠡᠵᠣ ᠦᠭᠴᠡᠢ᠃ ᠮᠣᠩᠭᠤᠯ ᠪᠦᠬᠡ ︵ᠪᠠᠷᠭᠤ ᠲᠣᠯᠢᠶᠠᠳᠣ ᠪᠦᠬᠡ︶ ᠬᠡᠰᠠᠨ ᠦᠨᠡᠮᠯᠡᠯ ᠢ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠵᠦᠪᠰᠢᠶᠡᠷᠡᠵᠦ᠂ ᠦᠪᠣᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠰᠣᠶᠣᠯ ᠤᠨ ᠲᠢᠩᠬᠢᠮ ᠠᠴᠠ ᠨᠡᠶᠢᠳᠡᠯᠡᠪᠡ᠃ ᠡᠶᠢᠮᠣ ᠠᠴᠠ ᠠᠳᠡ ᠨᠠᠷᠢᠯᠢᠭ ᠲᠠᠶᠢᠯᠪᠣᠷᠢ ᠬᠢᠬᠦ ᠴᠢᠬᠤᠯᠠ ᠦᠬᠡᠢ᠃ ᠲᠣᠯᠢᠶᠠᠳᠣ ᠪᠦᠬᠡ ᠨᠢ ᠬᠦᠯ ᠳᠡᠭᠡᠨ ᠭᠤᠷᠪᠠᠨ ᠲᠠᠪᠬᠤᠷ ᠣᠯᠠ ᠲᠠᠢ ᠠᠷᠠᠰᠣᠨ ᠭᠤᠳᠣᠯ ᠢᠰᠬᠦᠯᠵᠣ᠂ ᠡᠪᠣᠳᠣᠭ᠌ ᠰᠢᠯᠪᠢ ᠪᠠᠨ ᠬᠠᠮᠠᠭᠠᠯᠠᠬᠤ ᠶᠢᠨ ᠲᠣᠯᠠ ᠪᠠᠮᠪᠠᠢ ᠵᠢᠬᠢᠷᠢᠭ ᠵᠡᠬᠦᠳᠡᠭ᠂ ︵ᠪᠠᠮᠪᠠᠢ ᠵᠢᠬᠢᠷᠢᠭ ᠬᠤᠶᠠᠷ ᠤᠨ ᠨᠡᠶᠢᠯᠡᠪᠣᠷᠢ ᠶᠢ ᠲᠣᠯᠢᠶ᠎ᠠ ᠬᠡᠨ᠎ᠡ᠂ ᠲᠣᠯᠢᠶ᠎ᠠ ᠨᠢ ᠭᠤᠳᠣᠯ ᠤᠨ ᠲᠦᠷᠡᠢ ᠠᠴᠠ ᠲᠡᠬᠡᠭᠰᠢ ᠰᠦᠬᠡᠮ ᠬᠢᠷᠢᠳᠡᠢ ᠭᠠᠷᠣᠬᠰᠠᠨ ᠵᠢᠷᠤᠭ ᠲᠠᠢ ᠬᠡᠰᠡᠭ ᠢ ᠲᠣᠯᠢ ᠬᠡᠨ᠎ᠡ᠃ ᠲᠦᠷᠪᠠᠨ ᠬᠦᠴᠣᠳᠠᠨ ᠤ ᠵᠢᠷᠤᠭ ᠲᠡᠮᠳᠡᠭ ᠲᠠᠢ ︵ᠠᠷᠰᠯᠠᠨ᠂ ᠪᠠᠷᠰ᠂ ᠯᠣᠣ᠂ ᠭᠠᠷᠣᠳᠢ᠂ ᠰᠠᠷᠯᠤᠭ ᠤᠨ ᠪᠣᠬ᠎ᠠ︶ ᠲᠣᠯᠢᠶ᠎ᠠ ᠪᠠᠷ ᠴᠤᠭ ᠰᠦᠯᠳᠠ ᠪᠣᠯᠭᠠᠯ᠎ᠠ᠂ ᠡᠨᠡ ᠨᠢ ᠡᠷᠳᠡᠨ ᠤ ᠡᠷᠡᠯᠬᠡᠭ ᠲᠠᠶᠢᠴᠢᠳ ᠠᠴᠠ ᠢᠷᠡᠯᠳᠡ ᠲᠠᠢ᠂ ᠪᠠᠰᠠᠴᠣ ᠱᠠᠰᠢᠨ ᠤ ᠲᠦᠷᠪᠠᠨ ᠬᠦᠴᠣᠳᠠᠨ ᠤ ᠲᠠᠷᠣᠯᠭ᠎ᠠ ᠶᠢᠨ ᠢᠷᠡᠯᠳᠡ ᠲᠠᠢ᠂ ᠣᠳᠣ ᠴᠤ ᠷᠠᠰᠢᠶᠠᠨ ᠰᠦᠮ᠎ᠡ ᠶᠢᠨ ᠡᠬᠦᠳᠡᠡ ᠤ ᠲᠦᠷᠪᠠᠨ ᠬᠦᠴᠣᠳᠠᠨ ᠤ ᠱᠣᠭᠤᠮᠠᠯ ᠠᠴᠠ ᠮᠡᠳᠡᠵᠣ ᠪᠣᠯᠣᠨ᠎ᠠ᠂᠂᠂ ᠭᠠᠷᠣᠳᠢ ᠶᠢᠨ ᠵᠢᠷᠤᠭ ᠢ ᠭᠤᠣᠯ ᠨᠢ ᠲᠡᠬᠡᠳᠣ ᠪᠡᠶ᠎ᠡ ᠶᠢᠨ ᠵᠣᠳᠤᠭ ᠤᠨ ᠠᠷᠣ ᠲᠠᠯ᠎ᠠ ᠶᠢᠨ ᠲᠣᠯᠢ ᠪᠣᠯᠭᠠᠨ ᠬᠡᠷᠡᠭᠰᠡᠨ᠎ᠡ ︵ᠵᠢᠷᠤᠭ ⑥︶᠃      ᠶᠡᠷᠣᠩᠬᠡᠶᠢᠯᠡᠨ ᠬᠡᠯᠡᠪᠡᠯ᠄ ᠲᠣᠯᠢᠶ᠎ᠠ ᠨᠢ ᠪᠦᠬᠡ ᠬᠦᠮᠣᠨ᠂ ᠡᠪᠣᠳᠦᠭ ᠤᠨ ᠨᠢᠳᠦ ᠰᠢᠯᠪᠢ ᠪᠠᠨ ᠬᠠᠮᠠᠭᠠᠯᠠᠬᠤ ᠬᠡᠵᠣ ᠲᠣᠰᠬᠠᠶᠢᠯᠠᠨ ᠠᠷᠠᠰᠣᠨ ᠬᠦᠮ ᠡᠰᠬᠡᠵᠣ᠂ ᠪᠣᠳᠤᠭ ᠰᠠᠭᠤᠯᠭᠠᠵᠣ᠂ ᠲᠦᠷᠪᠠᠨ ᠬᠦᠴᠣᠳᠠᠨ ᠢ ᠵᠢᠷᠣᠵᠣ᠂ ᠭᠤᠳᠣᠯ ᠤᠨ ᠲᠦᠷᠡᠢ ᠳᠡᠭᠡᠨ ᠵᠢᠬᠢᠷᠢᠭ ᠬᠢᠳᠡᠭ ᠬᠡᠷᠡᠭᠰᠡᠯ ᠢ ︽ᠲᠣᠯᠢᠶ᠎ᠠ ᠵᠢᠬᠢᠷᠢᠭ︾ ᠬᠡᠨ᠎ᠡ᠃      ᠬᠦᠯᠣᠨ ᠪᠤᠶᠢᠷ ᠪᠦᠬᠡ ᠶᠢᠨ ᠭᠤᠳᠣᠯ      ᠮᠣᠩᠭᠤᠯ ᠪᠦᠬᠡ ᠪᠣᠯᠢᠭᠠᠷᠢ ᠠᠷᠠᠰᠣᠨ ᠭᠤᠳᠣᠯ ᠡᠮᠣᠰᠴᠣ ᠪᠠᠷᠢᠯᠳᠣᠨ᠎ᠠ᠂ ᠮᠣᠩᠭᠤᠯᠴᠣᠳ ᠤᠨ ᠡᠳᠣᠷ ᠲᠣᠳᠣᠮ ᠤᠨ ᠠᠮᠢᠳᠣᠷᠠᠯ ᠦᠢᠯᠡᠳᠪᠣᠷᠢᠯᠡᠯ ᠠᠯᠢ ᠨᠢ ᠴᠤ ᠮᠣᠷᠢᠨ ᠠᠴᠠ ᠰᠠᠯᠵᠣ ᠴᠢᠳᠠᠬᠤ ᠦᠬᠡᠢ ᠪᠠᠶᠢᠯ᠎ᠠ᠂ ᠮᠣᠷᠢᠨ ᠲᠡᠬᠡᠷ᠎ᠡ ᠭᠤᠳᠣᠯ ᠡᠮᠣᠰᠬᠦ ᠦᠬᠡᠢ ᠪᠣᠯ ᠪᠣᠯᠬᠤ ᠦᠬᠡᠢ᠂ ᠪᠠᠷᠢᠯᠳᠣᠬᠤ ᠪᠦᠬᠡ ᠳᠤ ᠠᠪᠴᠣ ᠬᠡᠯᠡᠪᠡᠯ ᠭᠤᠳᠣᠯ ᠨᠢ ᠪᠦᠬᠡᠴᠣᠳ ᠬᠦᠯ ᠢᠶᠠᠨ ᠬᠠᠮᠠᠭᠠᠯᠠᠬᠤ᠂ ᠵᠣᠬᠰᠣᠴᠠ ᠪᠠᠨ ᠪᠠᠳᠣ ᠯᠠᠪᠳᠠᠭᠤᠨ ᠪᠣᠯᠭᠠᠬᠤ᠂ ᠬᠦᠯ ᠤᠨ ᠡᠷᠳᠡᠮ ᠮᠡᠭᠡ ᠮᠡᠷᠬᠡᠵᠢᠯ ᠢᠶᠠᠨ ᠬᠦᠢᠴᠡᠳ ᠭᠠᠷᠭᠠᠬᠤ ᠵᠡᠷᠬᠡ ᠳᠤ ᠲᠣᠬᠢᠷᠠᠬᠰᠠᠨ ᠮᠠᠰᠢ ᠴᠢᠬᠤᠯᠠ ᠡᠳ᠋ᠯᠡᠯ ᠮᠦᠨ᠃ ᠪᠦᠬᠡ ᠶᠢᠨ ᠭᠤᠳᠣᠯ ᠢ ᠶᠡᠷᠣ ᠶᠢᠨ ᠭᠤᠳᠣᠯ ᠠᠴᠠ ᠪᠠᠬᠢᠯᠢᠭ᠌ ᠪᠦᠬᠡᠳ ᠠᠷᠠᠰᠣ᠂ ᠰᠢᠷᠢᠮᠡᠯ ᠣᠯᠠ ᠲᠠᠢ ᠬᠢᠳᠡᠭ᠂ ᠭᠤᠷᠪᠠᠨ ᠲᠠᠪᠬᠤᠷ ᠠᠷᠠᠰᠣᠨ ᠣᠯᠠ ᠲᠠᠢ ᠠᠷᠠᠰᠣᠨ ᠭᠤᠳᠣᠯ ᠡᠮᠣᠰᠣᠨ᠎ᠠ᠃      ᠬᠦᠯᠣᠨ ᠪᠤᠶᠢᠷ ᠤᠨ ᠪᠦᠬᠡᠴᠣᠳ ᠣᠣᠯ ᠨᠢ ᠰᠢᠷᠢᠮᠡᠯ ᠣᠯᠠ ᠲᠠᠢ ︵ᠱᠠᠭᠠᠵᠠᠩ᠂ ᠹᠠᠯᠠᠨ ᠣᠯᠠ ᠲᠠᠢ ᠬᠡᠵᠣ ᠬᠡᠯᠡᠯᠴᠡᠳᠡᠭ᠂ ᠰᠢᠷᠢᠮᠡᠯ ᠣᠯᠠ ᠲᠠᠢ ᠭᠤᠳᠣᠯ ᠤᠨ ᠣᠯᠠ ᠶᠢ ᠰᠠᠶ᠋ᠢ ᠲᠣᠭᠤᠯᠯᠠᠬᠰᠠᠨ ᠲᠣᠭᠤᠯ ᠤᠨ ᠵᠣᠩᠭᠠᠭ ᠢᠶᠠᠷ ᠲᠣᠭᠤᠷᠢᠭᠤᠯᠣᠨ ᠨᠠᠭᠠᠨ᠎ᠠ︶ ᠠᠷᠠᠰᠣᠨ ᠭᠤᠳᠣᠯ ᠡᠮᠦᠰᠳᠡᠭ ᠪᠠᠶᠢᠪᠠ᠃ ᠲᠡᠭᠡᠷ᠎ᠠ ᠵᠠᠭᠤᠨ ᠤ ᠲᠠᠪᠢᠭᠠᠳ ᠣᠨ ᠤ ᠦᠶᠡᠰ ᠠᠴᠠ ᠡᠬᠢᠯᠠᠨ ᠣᠷᠣᠰ ᠭᠤᠳᠣᠯ ᠡᠮᠦᠰᠬᠦ ᠪᠤᠯᠵᠦ᠂ ᠣᠷᠴᠢᠮ ᠤᠨ ᠬᠡᠳᠣᠨ ᠵᠢᠯ ᠠᠴᠠ ᠰᠢᠯᠢ ᠶᠢᠨ ᠭᠤᠣᠯ ᠣᠯᠠ ᠲᠠᠢ ᠭᠤᠳᠣᠯ ᠪᠤᠶᠦ ᠬᠠᠯᠬ᠎ᠠ ᠡᠭᠡᠳᠡᠨ ᠭᠤᠳᠣᠯ ᠡᠮᠣᠰᠬᠦ ᠪᠣᠯᠵᠣ ᠪᠠᠶᠢᠨ᠎ᠠ᠃ ᠣᠷᠣᠰ ᠭᠤᠳᠣᠯ ᠤᠨ ᠲᠣᠳᠣᠷ᠎ᠠ ᠬᠦᠯ ᠤᠨ ᠣᠷᠢᠶᠠᠯᠳᠠ ᠲᠠᠢ᠂ ᠲᠣᠯᠢᠶ᠎ᠠ ᠵᠢᠬᠢᠷᠢᠭ ᠬᠢᠵᠣ ᠡᠮᠣᠰᠳᠡᠭ᠂ ᠣᠯᠠᠭᠠᠡᠬᠠᠳᠠ ᠶᠢᠨ ᠪᠦᠬᠡᠴᠢᠳ ᠵᠢᠴᠢ ᠵᠠᠷᠢᠮ ᠭᠠᠵᠠᠷ ᠤᠨ ᠪᠦᠬᠡᠴᠢᠳ ᠮᠣᠩᠭᠤᠯ ᠪᠦᠰ ᠭᠤᠳᠣᠯ ᠤᠨ ᠲᠣᠳᠣᠷ᠎ᠠ ᠴᠢᠬᠢ ᠵᠢᠬᠢᠷᠢᠭ ᠲᠠᠭᠠᠷᠠᠭᠤᠯᠣᠨ ᠡᠮᠣᠰᠴᠣ ᠪᠠᠷᠢᠯᠳᠣᠨ᠎ᠠ᠃ ᠦᠵᠣᠮᠣᠴᠢᠨ ᠮᠠᠶ᠋ᠢᠭ ᠤᠨ ᠪᠦᠬᠡ ᠪᠣᠯᠢᠭᠠᠷᠢ ᠭᠤᠳᠣᠯ ᠤᠨ ᠲᠣᠳᠣᠷ᠎ᠠ ᠣᠯᠠᠨ ᠲᠠᠪᠬᠤᠷ ᠰᠢᠷᠢᠭᠰᠠᠨ ᠵᠣᠵᠠᠭᠠᠨ ᠪᠦᠰ ᠣᠶᠢᠮᠣᠰᠣ ᠲᠠᠭᠠᠷᠠᠭᠤᠯᠣᠨ ᠡᠮᠦᠰᠳᠡᠭ᠃      ᠬᠦᠯᠣᠨ ᠪᠤᠶᠢᠷ ᠪᠦᠬᠡ ᠶᠢᠨ ᠭᠤᠳᠣᠯ ᠤᠨ ᠨᠣᠬᠳᠣ ︵ᠬᠦᠯᠢᠭ᠂ ᠪᠣᠭᠤᠯᠳᠠ︶      ᠬᠦᠯᠣᠨ ᠪᠤᠶᠢᠷ ᠤᠨ ᠪᠦᠬᠡᠴᠣᠳ ᠪᠦᠬᠡ ᠪᠠᠷᠢᠯᠳᠣᠬᠤ ᠳᠠᠭᠠᠨ ᠪᠦᠬᠡ ᠶᠢᠨ ᠭᠤᠳᠣᠯ ᠤᠨ ᠨᠣᠬᠳᠣ ᠶᠢ ᠨᠢᠬᠡᠨ ᠬᠡᠷᠡᠭᠰᠡᠯ ᠢᠶᠠᠷ ᠦᠵᠡᠨ ᠠᠩᠬᠠᠷᠳᠠᠭ᠂ ᠭᠤᠳᠣᠯ ᠤᠨ ᠨᠣᠬᠳᠣ ᠶᠢᠨ ᠰᠣᠷ ᠢ ᠨᠢᠮᠬᠡᠪᠳᠣᠷ ᠰᠠᠶᠢᠨ ᠰᠣᠷ ᠢ ︵1.30 — 1.50︶ ᠮᠧᠳ᠋ᠷ ᠤᠷᠳᠦ᠂ ︵0.5 — 1︶ ᠰᠡᠨᠲ᠋ᠢᠮᠧᠳ᠋ᠷ ᠦᠷᠬᠡᠨ ᠵᠦᠰᠣᠵᠣ ᠨᠢᠬᠡ ᠦᠵᠣᠬᠦᠷ ᠲᠤᠨᠢ ᠪᠢᠳᠡᠬᠦᠣ ᠭᠤᠬᠴᠤᠭ᠎ᠠ ᠭᠠᠷᠭᠠᠵᠣ ︵ᠣᠳᠣ ᠨᠦᠬᠦᠴᠡᠯ ᠰᠠᠶᠢᠨ ᠪᠣᠯᠣᠬᠰᠠᠨ ᠠᠴᠠ ᠨᠢᠬᠡ ᠦᠵᠣᠬᠦᠷ ᠲᠤᠨᠢ ᠭᠠᠣᠯᠢ ᠪᠣᠶᠣ ᠲᠡᠮᠣᠷ ᠭᠠᠷᠬ᠎ᠠ ᠪᠠᠷ︶ ᠲᠠᠩ ᠪᠤᠶᠦ ᠲᠠᠪᠬᠤᠷ ᠨᠣᠬᠳᠣᠯᠠᠨ᠎ᠠ ︵ᠵᠢᠷᠤᠭ ⑤︶᠂ ᠵᠠᠷᠢᠮ ᠦᠶᠠᠰ ᠭᠤᠳᠣᠯ ᠤᠨ ᠨᠣᠬᠳᠣ ᠬᠦᠯᠢᠭ ᠦᠬᠡᠢ ᠪᠣᠯ ᠡᠮᠡᠬᠡᠯ ᠤᠨ ᠭᠠᠨᠵᠤᠭ᠎ᠠ ᠪᠠᠨ ᠴᠤ ᠭᠡᠷᠡᠭᠯᠡᠳᠡᠭ ᠣᠴᠢᠷ ᠪᠣᠢ᠂ ᠭᠤᠣᠯ ᠨᠢ ᠦᠪᠡᠷ ᠤᠨ ᠲᠣᠷ᠎ᠠ ᠠᠴᠠ ᠪᠠᠨ ᠰᠢᠯᠳᠠᠭᠠᠯᠠᠬᠳᠠᠨ᠎ᠠ᠂ ᠭᠤᠳᠣᠯ ᠤᠨ ᠨᠣᠬᠳᠣ ᠪᠣᠯ ᠪᠠᠷᠢᠯᠳᠣᠬᠤ ᠪᠦᠬᠡ ᠶᠢᠨ ᠭᠤᠳᠣᠯ ᠢᠶᠠᠨ ᠪᠠᠬᠢᠯᠠᠵᠣ ᠬᠦᠯ ᠲᠠᠢ ᠪᠠᠨ ᠶᠠᠪ ᠴᠠᠪ ᠬᠤᠯᠬᠢᠨ ᠬᠦᠳᠡᠯᠬᠦ ᠦᠬᠡᠢ ᠪᠣᠯᠭᠠᠨ ᠬᠠᠯᠳᠣᠷᠢᠵᠣ ᠭᠤᠯᠭᠤᠷᠢᠬᠤ ᠶᠢ ᠰᠡᠷᠬᠡᠶᠢᠯᠡᠬᠦ ᠦᠢᠯᠡᠳᠣᠯ ᠲᠠᠢ ᠪᠦᠬᠡᠳ ᠮᠡᠭᠡ ᠮᠡᠷᠬᠡᠵᠢᠯ ᠬᠢᠬᠦ ᠵᠢᠴᠢ ᠮᠡᠭᠡ ᠬᠠᠷᠢᠭᠤᠯᠬᠤ ᠳᠤ ᠴᠤ ᠬᠤᠷᠴᠠ ᠱᠠᠯᠠᠮᠠᠭᠠᠢ ᠪᠠᠶᠢᠬᠤ ᠳᠤ ᠲᠣᠰᠠ ᠲᠠᠢ ︵ᠭᠤᠳᠣᠯ ᠤᠨ ᠣᠯᠠ ᠲᠣᠣᠷ᠎ᠠ ᠨᠢ ᠪᠣᠳᠠᠳᠠᠢ ᠪᠠᠶᠢᠳᠠᠯ ᠳᠠᠭᠠᠨ ᠵᠣᠬᠢᠴᠡᠭᠤᠯᠣᠨ ᠰᠣᠷ ᠢᠶᠠᠨ ᠵᠠᠩᠭᠢᠳᠴᠣ᠂ ᠨᠦᠢᠳᠠᠨ ᠭᠠᠵᠠᠷ ᠪᠤᠶᠦ ᠦᠡᠳᠣᠷ ᠡᠪᠡᠰᠣᠨ ᠳᠤ ᠭᠤᠯᠭᠤᠬᠤ ᠠᠴᠠ ᠰᠠᠷᠬᠡᠶᠢᠯᠡᠨ᠎ᠠ︶᠃ ᠪᠦᠬᠡ ᠶᠢᠨ ᠪᠠᠷᠢᠯᠳᠣᠭᠠᠨ ᠳᠤ ᠭᠤᠣᠯᠳᠠᠭᠤ ᠲᠠᠰᠢᠯᠭ᠎ᠠ ᠪᠣᠬᠠᠯᠭ᠎ᠠ ︵ᠬᠦᠯᠣᠨ ᠪᠤᠶᠢᠷ ᠤᠨ ᠪᠦᠬᠡ ᠨᠢ ᠲᠠᠰᠢᠯᠭ᠎ᠠ᠂ ᠪᠣᠬᠠᠯᠭ᠎ᠠ ᠶᠢᠨ ᠮᠡᠭᠡ ᠲᠠᠢ᠂ ᠰᠢᠯᠢ ᠶᠢᠨ ᠭᠤᠣᠯ ᠤᠨ ᠪᠦᠬᠡ ᠨᠢ ᠭᠢᠰᠬᠢᠭᠡ᠂ ᠲᠠᠳᠠᠯᠭ᠎ᠠ ᠶᠢᠨ ᠮᠡᠭᠡ ᠲᠠᠢ ᠬᠡᠳᠡᠭ ᠠᠷᠠᠳ ᠤᠨ ᠵᠦᠢᠷ ᠦᠬᠡ ᠪᠠᠶᠢᠳᠠᠭ︶ ᠬᠤᠷᠴᠠ ᠮᠡᠭᠡ ᠬᠦᠳᠡᠯᠬᠡᠬᠡᠨ ᠢ ᠬᠡᠷᠡᠭᠯᠡᠬᠦ ᠲᠣᠯᠠ ᠪᠠᠷᠢᠯᠳᠣᠭᠠᠨ ᠤ ᠲᠣᠮᠳᠠ ᠭᠤᠳᠣᠯ ᠢᠶᠠᠨ ᠰᠣᠷ ᠢᠶᠠᠷ ᠰᠠᠶᠢᠨ ᠨᠣᠬᠳᠣᠯᠠᠨ ᠬᠦᠯᠢᠬᠦ ᠦᠬᠡᠢ ᠪᠣᠯ ᠰᠢᠷᠣᠬᠦᠨ ᠬᠦᠴᠣᠳᠠᠢ ᠲᠠᠰᠢᠯᠭ᠎ᠠ᠂ ᠲᠣᠳᠣᠷ᠎ᠠ ᠬᠤᠶᠠᠷ ᠲᠠᠯ᠎ᠠ ᠵᠦᠭ ᠴᠣᠭᠤᠯᠣᠨ ᠲᠠᠰᠢᠬᠤ ᠳᠤ ᠭᠤᠯᠭᠤᠬᠤ᠂ ᠭᠤᠳᠣᠯ ᠮᠣᠯᠳᠣᠷᠠᠵᠣ ᠬᠦᠯ ᠡᠷᠬᠢᠯᠳᠣᠨ ᠬᠡᠮᠳᠣᠬᠦ ᠪᠣᠶᠣ ᠭᠤᠳᠣᠯ ᠤᠨ ᠣᠯᠠ ᠬᠠᠭᠵᠠᠷᠠᠨ ᠵᠠᠳᠠᠷᠠᠵᠣ ᠰᠠᠯᠬᠤ ᠣᠴᠢᠷ ᠴᠤ ᠭᠠᠷᠬᠤ ᠶᠣᠮ᠃ ᠡᠬᠦᠨ ᠢ ᠰᠡᠷᠬᠡᠶᠢᠯᠡᠵᠣ ᠪᠦᠬᠡᠴᠢᠳ ᠭᠤᠳᠣᠯ ᠢᠶᠠᠨ ᠨᠣᠬᠳᠣᠯᠠᠨ ᠬᠦᠯᠢᠬᠦ ᠵᠠᠩᠰᠢᠯ ᠲᠠᠢ ᠪᠣᠯᠵᠡᠢ᠂ ᠮᠦᠡᠴᠣ ᠭᠤᠳᠣᠯ ᠢᠶᠠᠨ ᠰᠠᠶᠢᠬᠠᠨ ᠨᠣᠬᠳᠣᠯᠠᠨ ᠬᠦᠯᠢᠪᠡᠯ ᠬᠦᠯ ᠭᠤᠳᠣᠯ ᠡᠪ ᠲᠠᠢ ᠪᠣᠯᠵᠣ᠂ ᠪᠡᠶ᠎ᠡ ᠶᠢᠨ ᠲᠦᠪ ᠢ ᠲᠣᠬᠳᠠᠭᠤᠨ ᠪᠣᠯᠭᠠᠨ ᠮᠡᠭᠡ ᠮᠡᠷᠬᠡᠵᠢᠯ ᠬᠢᠬᠦ ᠳᠤ ᠬᠤᠷᠴᠠ ᠱᠠᠯᠠᠮᠠᠭᠠᠢ ᠪᠣᠯᠭᠠᠳᠠᠭ᠃                  ᠵᠣᠬᠢᠶᠠᠭᠴᠢ᠄ ᠰᠢᠷᠠᠶᠢᠳ · ᠮᠦᠡᠭᠭᠡ ᠶᠢᠨ ᠦᠯᠵᠠᠶᠢᠬᠤᠳᠤᠭ
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号