ᠪᠣᠷᠢᠶᠠᠳ ᠮᠣᠩᠭᠤᠯᠴᠣᠳ ᠤᠨ ᠠᠮᠠᠨ ᠦᠯᠢᠭᠡᠷ ᠤᠨ ᠬᠡᠪ ᠰᠢᠨᠵᠢ ᠶᠢᠨ ᠰᠣᠳᠣᠯᠬᠤᠢ — ︽ᠴᠠᠭᠠᠨ ᠰᠢᠪᠠᠭᠤ ᠪᠠᠷ ᠭᠡᠷᠭᠡᠢ ᠬᠢᠭᠰᠡᠨ ᠬᠦᠪᠡᠭᠦᠨ︾ ᠭᠡᠬᠦ ᠦᠯᠢᠭᠡᠷ ᠤᠨ ᠵᠢᠱᠢᠶᠡᠨ ᠳᠡᠭᠡᠷ᠎ᠡ
ᠨᠡᠶᠢᠲᠡᠯᠡᠭᠰᠡᠨ ᠴᠠᠭ᠄
2019/4/15
                    ᠵᠣᠬᠢᠶᠠᠭᠴᠢ᠄ ᠰᠧᠷᠵᠢᠮᠡᠳᠡ      ᠨᠢᠭᠡ᠂ ᠣᠷᠣᠰ ᠤᠨ ᠪᠤᠷᠢᠶᠠᠳ ᠮᠣᠩᠭᠤᠯᠴᠣᠳ ᠤᠨ ᠲᠦᠢᠮᠣ ᠪᠠᠶᠢᠳᠠᠯ      ᠪᠣᠷᠢᠶᠠᠳ ᠮᠣᠩᠭᠤᠯ ᠪᠣᠯ ᠮᠠᠰᠢ ᠡᠷᠲᠡ ᠡᠭᠦᠰᠦᠭᠰᠡᠨ ᠮᠣᠩᠭᠤᠯ ᠣᠭᠰᠠᠭᠠᠲᠠᠨ ᠤ ᠨᠢᠭᠡ ᠶᠠᠰᠣᠲᠠᠨ ᠮᠦᠨ᠃      ᠪᠣᠷᠢᠶᠠᠳ ᠮᠣᠩᠭᠤᠯ ᠪᠣᠯ ᠣᠭ ᠢᠵᠠᠭᠤᠷ ᠨᠢ ᠪᠠᠶᠢᠭᠠᠯ ᠳᠠᠯᠠᠢ ᠶᠢᠨ ᠡᠮᠦᠨ᠎ᠡ ᠲᠠᠯ᠎ᠠ ᠳᠤ ᠰᠠᠭᠤᠭᠰᠠᠨ ᠪᠧᠲ ᠭᠡᠳᠡᠭ ᠣᠪᠣᠭᠲᠠᠨ ᠤ ᠪᠦᠷᠳᠡ ᠴᠢᠨ᠋ᠸ᠎ᠡ ᠭᠡᠳᠡᠭ ᠢᠵᠠᠭᠤᠷ ᠤᠨ ᠵᠣᠨ ︵ᠬᠦᠮᠦᠨ︶ ᠣᠯᠠᠰᠢᠷᠠᠭᠠᠳ ᠡᠮᠦᠨ᠎ᠡ ᠪᠠ ᠪᠠᠷᠠᠭᠤᠨ ᠵᠦᠭ ᠲᠡᠶᠢᠰᠢ ᠨᠡᠭᠦᠵᠦ ᠲᠠᠷᠬᠠᠭᠰᠠᠨ ᠠᠴᠠ ᠦᠯᠡᠳᠡᠭᠰᠡᠨ ᠬᠦᠮᠦᠰ ᠭᠡᠵᠦ ᠲᠡᠣᠬᠡᠨ ᠰᠣᠳᠣᠷ ᠲᠤ ᠲᠡᠮᠳᠡᠭᠯᠡᠭᠳᠡᠭᠰᠡᠨ ᠪᠠᠶᠢᠳᠠᠭ᠃ ᠠᠷᠪᠠᠨ ᠬᠤᠶᠠᠳᠣᠭᠠᠷ ᠵᠠᠭᠤᠨ ᠤ ᠦᠶ᠎ᠡ ᠳᠤ ︽ᠮᠣᠩᠭᠤᠯ ᠤᠨ ᠨᠢᠭᠤᠴᠠ ᠲᠣᠪᠴᠢᠶᠠᠨ︾ ᠳᠤ ᠲᠣᠬᠠᠢ ᠦᠶ᠎ᠡ ᠶᠢᠨ ᠮᠣᠩᠭᠤᠯ ᠠᠶᠢᠮᠠᠭ ᠤᠳ ᠤᠨ ᠳᠣᠲᠣᠷ᠎ᠠ ᠬᠤᠷᠢ ᠲᠦᠮᠡᠳ ︵ᠬᠤᠷᠢ ᠪᠣᠷᠢᠶᠠᠳ︶ ᠭᠡᠵᠦ ᠲᠡᠮᠳᠡᠭᠯᠡᠵᠠᠢ᠃ ᠠᠷᠪᠠᠨ ᠬᠤᠶᠠᠳᠣᠭᠠᠷ ᠵᠠᠭᠤᠨ ᠤ ᠦᠶ᠎ᠡ ᠪᠠ ᠠᠷᠪᠠᠨ ᠭᠤᠷᠪᠠᠳᠣᠭᠠᠷ ᠵᠠᠭᠤᠨ ᠤ ᠦᠶ᠎ᠡ ᠳᠤ ᠪᠣᠷᠢᠶᠠᠳ ᠮᠣᠩᠭᠤᠯᠴᠣᠳ ᠪᠠᠶᠢᠭᠠᠯ ᠨᠠᠭᠤᠷ ᠤᠨ ᠣᠷᠴᠢᠮ ᠢᠶᠠᠷ ᠨᠣᠲᠣᠭᠯᠠᠵᠦ ᠪᠠᠶᠢᠭᠰᠠᠨ ᠶᠣᠮ᠃ ᠴᠢᠩᠭᠢᠰ ᠬᠠᠭᠠᠨ ᠮᠣᠩᠭᠤᠯ ᠤᠨ ᠣᠯᠠᠨ ᠠᠶᠢᠮᠠᠭ ᠤᠳ ᠢ ᠨᠢᠭᠡᠳᠬᠡᠬᠦ ᠦᠶ᠎ᠡ ᠳᠤ ᠪᠣᠷᠢᠶᠠᠳᠴᠣᠳ ᠢ ᠮᠣᠩᠭᠤᠯ ᠣᠯᠣᠰ ᠲᠤ ᠨᠢᠭᠡᠳᠬᠡᠭᠳᠡᠭᠰᠡᠨ ᠢ ︽ᠮᠤᠩᠭᠤᠯ ᠤᠨ ᠨᠢᠭᠤᠴᠠ ᠲᠣᠪᠴᠢᠶᠠᠨ︾ ᠳᠤ ᠲᠣᠳᠣᠷᠬᠠᠢ ᠲᠡᠮᠳᠡᠭᠯᠡᠵᠦ ᠪᠠᠶᠢᠳᠠᠭ᠃ ᠪᠣᠷᠢᠶᠠᠳ ᠮᠣᠩᠭᠤᠯᠴᠣᠳ ᠡᠷᠲᠡᠨ ᠦᠶ᠎ᠡ ᠮᠣᠩᠭᠤᠯ ᠦᠭᠡ ᠬᠡᠯᠡᠵᠦ ᠪᠠᠶᠢᠵᠠᠢ᠃ ︽ᠮᠣᠩᠭᠤᠯ ᠤᠨ ᠨᠢᠭᠤᠴᠠ ᠲᠣᠪᠴᠢᠶᠠᠨ︾ ᠳᠤ ᠣᠳᠣ ᠶᠢᠨ ᠪᠣᠷᠢᠶᠠᠳ ᠬᠡᠯᠡᠨ ᠳᠤ ᠶᠠᠷᠢᠭᠳᠠᠵᠦ ᠪᠠᠶᠢᠬᠤ ᠦᠭᠡ ᠣᠯᠠᠨ ᠪᠣᠢ᠃ ᠱᠠᠰᠢᠨ ᠰᠢᠲᠣᠯᠭᠡ ᠶᠢᠨ ᠲᠠᠯ᠎ᠠ ᠪᠠᠷ ᠪᠣᠷᠢᠶᠠᠳᠴᠣᠳ ᠲᠡᠣᠬᠡᠨ ᠠᠴᠠ ᠪᠥᠭᠡ ᠶᠢᠨ ᠮᠦᠷᠭᠦᠯ ᠲᠠᠢ ᠪᠠᠶᠢᠭᠰᠠᠨ ᠪᠦᠭᠡᠳ ᠪᠥᠭᠡ ᠶᠢᠨ ᠳᠠᠭᠤᠳᠠᠯᠭ᠎ᠠ ᠳᠤ ︵ᠪᠥᠭᠡᠯᠡᠯᠭᠡ︶ ᠪᠠᠶᠢᠭᠠᠯ ᠨᠠᠭᠤᠷ ᠤᠨ ᠡᠷᠭᠢ ᠳᠠᠬᠢ ᠣᠶᠢᠬᠤᠨ ᠪᠠᠷᠬᠠᠨ ᠠᠴᠠ ᠡᠬᠢᠯᠡᠭᠡᠳ᠂ ᠬᠦᠯᠣᠨ ᠪᠤᠶᠢᠷ ᠤᠨ ᠳᠠᠯᠠᠢ ᠨᠠᠭᠤᠷ᠂ ᠲᠠᠭᠠᠨ ᠳᠡᠯ ︵ᠰᠢᠨ᠎ᠡ ᠪᠠᠷᠭᠤ ᠵᠡᠭᠦᠨ ᠬᠤᠰᠢᠭᠤᠨ ᠤ ᠶᠡᠭᠡ ᠠᠭᠤᠯᠠ︶ ᠬᠦᠷᠲᠡᠯ᠎ᠡ ᠠᠭᠤᠯᠠ ᠮᠦᠷᠡᠨ ᠨᠦᠭᠦᠳ ᠢ ᠳᠣᠷᠠᠳᠣᠨ ᠪᠥᠭᠡᠯᠡᠳᠡᠭ ᠰᠠᠨ᠃ ᠠᠵᠦ ᠠᠬᠤᠢ ᠶᠢᠨ ᠲᠠᠯ᠎ᠠ ᠪᠠᠷ ᠭᠤᠣᠯ ᠨᠢ ᠮᠠᠯ ᠠᠵᠦ ᠠᠬᠤᠢ ᠶᠢ ᠡᠷᠬᠢᠯᠡᠵᠦ ᠠᠳᠣᠭᠤ᠂ ᠦᠬᠡᠷ᠂ ᠬᠤᠨᠢ᠂ ᠢᠮᠠᠭ᠎ᠠ ᠶᠢ ᠲᠡᠵᠢᠭᠡᠵᠦ ᠢᠰᠡᠭᠡᠢ ᠭᠡᠷ ᠲᠤ ᠰᠠᠭᠤᠵᠦ ᠪᠠᠶᠢᠳᠠᠭ᠃ ᠪᠠᠰᠠ ᠵᠢᠭᠠᠰᠦ ᠪᠠᠷᠢᠬᠤ᠂ ᠠᠩ ᠠᠩᠨᠠᠬᠤ ᠶᠢ ᠳᠠᠭᠠᠯᠳᠣᠭᠤᠯᠵᠦ ᠪᠠᠶᠢᠯ᠎ᠠ᠃ ᠮᠠᠯ ᠤᠨ ᠠᠰᠢᠭ ᠰᠢᠮ᠎ᠡ ᠨᠢ ᠠᠮᠢᠳᠣᠷᠠᠯ ᠤᠨ ᠭᠤᠣᠯ ᠲᠦᠰᠢᠭ ᠪᠣᠯᠵᠦ ᠪᠠᠶᠢᠪᠠ᠃      ︽ᠮᠣᠩᠭᠤᠯ ᠤᠨ ᠨᠢᠭᠤᠴᠠ ᠲᠣᠪᠴᠢᠶᠠᠨ︾ ᠳᠤ ︵1240 ᠣᠨ ᠳᠤ ᠪᠢᠴᠢᠭᠰᠡᠨ︶ ᠲᠡᠮᠳᠡᠭᠯᠡᠭᠰᠡᠨ ᠢ ᠦᠨᠳᠦᠰᠦᠯᠡᠪᠡᠯ᠂ ᠮᠣᠩᠭᠤᠯ ᠤᠨ ᠠᠶᠢᠮᠠᠭ ᠤᠳ ᠳᠣᠲᠣᠷ᠎ᠠ᠂ ᠬᠤᠷᠢ ᠲᠦᠮᠡᠳ ︵ᠬᠤᠷᠢ ᠪᠣᠷᠢᠶᠠᠳ︶᠂ ᠪᠠᠷᠭᠤᠵᠢᠨ ︵ᠪᠠᠷᠭᠤ︶ ᠢ ᠲᠡᠮᠳᠡᠭᠯᠡᠵᠦ ᠪᠣᠢ᠃ ᠠᠷᠪᠠᠨ ᠬᠤᠶᠠᠳᠣᠭᠠᠷ ᠵᠠᠭᠤᠨ ᠤ ᠦᠶ᠎ᠡ ᠶᠢᠨ ᠪᠣᠷᠢᠶᠠᠳᠴᠣᠳ ᠢ ᠪᠣᠯᠠᠭᠠᠳ ︵ᠪᠣᠯᠠᠭᠠᠴᠢᠨ︶᠂ ᠢᠬᠢᠷᠢᠳ᠂ ᠬᠡᠷᠡᠮᠦᠴᠢᠨ᠂ ᠬᠤᠷᠢᠬᠠᠨ᠂ ︵ᠬᠤᠷᠢᠩᠬᠢᠨ︶ ᠠᠶᠢᠮᠠᠭ ᠤᠳ ᠤᠨ ᠬᠤᠯᠪᠣᠭ᠎ᠠ ᠭᠡᠵᠦ ᠲᠡᠮᠳᠡᠭᠯᠡᠭᠰᠡᠨ ᠪᠠᠶᠢᠳᠠᠭ᠃ ᠠᠷᠪᠠᠨ ᠬᠤᠶᠠᠳᠣᠭᠠᠷ ᠪᠠ ᠠᠷᠪᠠᠨ ᠭᠤᠷᠪᠠᠳᠣᠭᠠᠷ ᠵᠠᠭᠤᠨ ᠤ ᠦᠶ᠎ᠡ ᠶᠢᠨ ᠪᠠᠶᠢᠭᠠᠯ ᠨᠠᠭᠤᠷ ᠤᠨ ᠣᠷᠴᠢᠮ ᠳᠠᠬᠢ ᠠᠶᠢᠮᠠᠭ ᠤᠨ ᠬᠤᠯᠪᠣᠭ᠎ᠠ ᠶᠢᠨ ᠳᠣᠲᠣᠷ᠎ᠠ ᠪᠠᠭᠲᠠᠵᠦ ᠪᠠᠶᠢᠭᠰᠠᠨ ᠨᠢ ᠬᠤᠷᠢ ᠲᠦᠮᠡᠳ ︵ᠬᠤᠷᠢ ᠪᠣᠷᠢᠶᠠᠳ︶᠂ ᠪᠠᠷᠭᠤᠵᠢᠨ ︵ᠪᠠᠷᠭᠤ︶ ᠢᠬᠢᠷᠢᠳ᠂ ᠪᠣᠯᠠᠭᠠᠨ ︵ᠪᠣᠯᠠᠭᠠᠴᠢᠨ︶᠂ ᠬᠡᠷᠡᠮᠣᠴᠢᠨ ᠵᠡᠷᠭᠡ ᠪᠦᠯᠦᠭ ᠤᠳ ᠪᠠᠭᠲᠠᠨ᠎ᠠ᠃ ᠡᠳᠡ ᠪᠤᠯ ᠪᠣᠷᠢᠶᠠᠳ ᠮᠣᠩᠭᠤᠯ ᠤᠨ ᠭᠤᠣᠯ ᠪᠦᠷᠢᠯᠳᠣᠭᠦᠨ ᠮᠦᠨ᠃      ᠢᠯᠡᠷᠬᠡᠶᠢᠯᠡᠪᠠᠨᠯ᠂ ᠮᠣᠩᠭᠤᠯ ᠤᠨ ᠬᠤᠷᠢ ᠲᠦᠮᠡᠳ ᠤᠨ ᠪᠠᠷᠭᠤ ᠪᠭᠠᠲᠣᠷ ᠳᠠᠶᠢᠴᠢᠩ ᠨᠣᠶᠠᠨ ᠤ ᠭᠤᠷᠪᠠᠨ ᠬᠦᠪᠡᠭᠦᠨ ᠠᠴᠠ ᠣᠳᠬᠤᠨ ᠨᠢ ᠬᠤᠷᠢᠳᠠᠢ ᠮᠡᠷᠭᠡᠨ᠂ ᠲᠡᠭᠦᠨ ᠤ ᠶᠡᠭᠡ ᠭᠡᠷᠭᠡᠢ ᠪᠠᠷᠭᠤᠵᠢᠨ ᠭᠤᠸ᠎ᠠ ᠠᠴᠠ ᠲᠦᠷᠦᠭᠰᠡᠨ ᠠᠯᠣᠨ ᠭᠤᠸ᠎ᠠ ᠭᠡᠮᠡᠨ ᠭᠠᠭᠴᠠ ᠦᠬᠢᠨ᠂ ᠰᠢᠷᠠᠯᠳᠠᠢ ᠭᠡᠮᠡᠬᠦ ᠲᠤᠮᠳᠠ ᠭᠡᠷᠭᠡᠢ ᠠᠴᠠ ᠭᠠᠯᠵᠣᠳ᠂ ᠬᠤᠸᠠᠰᠠᠢ᠂ ᠬᠦᠪᠳᠡᠭᠦᠳ᠂ ᠭᠤᠴᠢᠳ᠂ ᠱᠠᠷᠠᠶᠢᠳ ᠭᠡᠮᠡᠬᠦ ᠲᠠᠪᠣᠨ ᠬᠦᠪᠡᠭᠦᠨ᠂ ᠨᠠᠬᠠᠲᠠᠢ ᠭᠡᠮᠡᠬᠦ ᠪᠠᠭ᠎ᠠ ᠭᠡᠷᠭᠡᠢ ᠠᠴᠠ ᠬᠠᠷᠭᠠᠨ᠎ᠠ᠂ ᠬᠤᠳᠠᠢ᠂ ᠪᠣᠳᠣᠩᠭᠤᠳ᠂ ᠬᠠᠯᠪᠢᠨ᠂ ᠴᠠᠭᠠᠨ᠂ ᠪᠠᠲᠣᠨᠠᠢ ᠭᠡᠮᠡᠬᠦ ᠵᠢᠷᠭᠤᠭᠠᠨ ᠬᠦᠪᠡᠭᠦᠨ ᠲᠠᠢ ᠠᠷᠪᠠᠨ ᠨᠢᠭᠡᠨ ᠬᠦᠪᠡᠭᠦᠨ ᠲᠦᠷᠦᠭᠰᠡᠨ ᠢᠨᠦ ᠦᠷᠡᠵᠢᠭᠰᠡᠭᠡᠷ ᠠᠷᠪᠠᠨ ᠨᠢᠭᠡᠨ ᠣᠪᠣᠭᠲᠠᠨ ᠪᠣᠯᠵᠦ᠂ ᠡᠴᠢᠭᠡ ᠶᠢᠨ ᠢᠨᠦ ᠨᠡᠷ᠎ᠡ ᠬᠤᠷᠢᠲᠠᠢ ᠮᠡᠷᠭᠡᠨ ᠲᠣᠯᠠ ᠲᠡᠭᠦᠪᠡᠷ ᠠᠳᠠᠯᠢᠳᠬᠠᠨ ᠶᠡᠷᠦ ᠨᠡᠷ᠎ᠡ ᠨᠢ ᠬᠤᠷᠢ ᠭᠡᠮᠡᠨ ᠨᠡᠷᠡᠶᠢᠳᠪᠡᠢ᠃ ᠲᠡᠭᠦᠨ ᠠᠴᠠ ᠬᠤᠶᠢᠨ᠎ᠠ ᠪᠠᠷᠭᠤ ᠮᠣᠩᠭᠤᠯ ᠤᠨ ᠭᠠᠵᠠᠷ ᠰᠣᠯᠣᠨ ᠨᠤᠭᠤᠳ ᠤᠨ ᠪᠦᠣᠪᠡᠢ ᠪᠠᠭᠠᠲᠣᠷ ᠪᠠᠶᠢᠯᠠ ᠬᠠᠭᠠᠨ ᠤ ᠬᠦᠪᠡᠭᠦᠨ ᠳ᠋ᠠᠢ ᠬᠤᠩ ᠲᠠᠶᠢᠵᠢ ᠳᠤ ᠪᠠᠯᠵᠢᠨ ᠬᠠᠲᠣᠨ ᠭᠡᠮᠡᠬᠦ ᠪᠡᠷᠢ ᠪᠠᠭᠤᠯᠭᠠᠬᠤᠢ ᠳᠤ᠂ ᠡᠨᠡ ᠬᠤᠷᠢ ᠶᠢᠨ ᠠᠷᠪᠠᠨ ᠨᠢᠭᠡᠨ ᠣᠪᠣᠭ ᠤᠨ ᠣᠯᠣᠰ ᠢ ᠢᠨᠵᠢ ᠦᠭᠭᠦᠯᠴᠡᠪᠡ᠃ ᠢᠩᠭᠢᠭᠡᠳ ᠲᠡᠳᠡᠨᠠᠷ ᠬᠤᠩ ᠲᠠᠶᠢᠵᠢ ᠶᠢᠨ ᠠᠯᠪᠠᠲᠣ ᠪᠣᠯᠵᠦᠬᠤᠢ᠃ 1594 ᠣᠨ ᠳᠤ ᠪᠠᠯᠵᠢᠨ ᠬᠠᠲᠣᠨ ᠡᠨᠡ ᠠᠷᠪᠠᠨ ᠨᠢᠭᠡᠨ ᠣᠪᠣᠭ ᠤᠨ ᠣᠯᠣᠰ ᠢᠶᠠᠨ ᠠᠪᠴᠣ ᠦᠷᠦᠨ᠎ᠡ ᠣᠮᠠᠷ᠎ᠠ ᠶᠢᠨ ᠵᠠᠪᠰᠠᠷ ᠤᠨ ᠵᠦᠭ ᠲᠤ ᠣᠷᠣᠰ ᠢᠶᠠᠷ ᠪᠣᠰᠬᠠᠯ ᠢᠶᠠᠷ ᠨᠡᠭᠦᠵᠦ᠂ ᠡᠷᠭᠦᠨ᠎ᠡ ᠭᠤᠤᠯ ᠢ ᠭᠠᠲᠣᠯᠵᠦ᠂ ᠦᠯᠢᠷᠡᠩᠭᠡ ᠭᠤᠣᠯ ᠳᠤ ᠬᠦᠷᠦᠭᠡᠳ᠂ ᠲᠡᠭᠦᠨ᠎ᠡ ᠤᠷᠤᠭᠰᠠᠨ ᠬᠤᠷᠢᠬᠤᠨ᠎ᠠ ᠤᠷᠢᠳ ᠮᠡᠳᠡᠭᠳᠡᠭᠡ ᠦᠭᠡᠢ ᠴᠠᠭ ᠲᠤ ᠴᠢᠯᠠᠭᠤ ᠲᠣᠭᠤᠰᠭ᠎ᠠ ᠪᠠᠷ ᠭᠡᠷ ᠬᠤᠲᠠ ᠪᠣᠰᠬᠠᠭᠰᠠᠨ ᠨᠢ ᠬᠠᠭᠤᠴᠢᠷᠠᠵᠦ ᠪᠠᠶᠢᠭᠰᠠᠨ ᠢ ᠵᠠᠰᠠᠪᠣᠷᠢᠯᠠᠵᠦ ᠪᠠᠶᠢᠷᠢᠯᠠᠭᠰᠠᠨ ᠠᠵᠣᠭᠤ᠃ ᠲᠡᠷᠡ ᠭᠠᠵᠠᠷ ᠨᠢ ᠬᠤᠸ᠋ᠨᠩᠳᠢ ᠭᠡᠮᠡᠨ ᠨᠡᠷᠡᠰᠢᠵᠦ ᠬᠤᠶᠢᠨ᠎ᠠ ᠨᠢᠭᠡ ᠴᠠᠭ ᠲᠤ᠂ ᠣᠷᠣᠰ ᠣᠯᠣᠰ ᠢᠷᠡᠵᠦ ᠪᠠᠶᠢᠷᠢᠯᠠᠭᠠᠳ ᠣᠷᠢᠳ ᠭᠡᠷ ᠬᠤᠲᠠ ᠪᠣᠰᠬᠠᠭᠰᠠᠨ ᠨᠢ ᠡᠪᠳᠡᠷᠡᠵᠦ ᠪᠠᠶᠢᠭᠰᠠᠨ ᠲᠣᠭᠤᠰᠭ᠎ᠠ ᠪᠠᠷ ᠰᠦᠮ᠎ᠡ ᠳᠣᠭᠠᠩ ᠪᠣᠰᠬᠠᠵᠦ ᠡᠲᠦᠭᠡ ᠭᠦᠷᠲᠡᠯ᠎ᠡ ᠪᠠᠶᠢᠭᠰᠭᠠᠷ ᠠᠵᠣᠭᠤ᠃ ᠢᠯᠡᠷᠬᠡᠶᠢᠯᠡᠪᠡᠯ ᠳ᠋ᠠᠢ ᠬᠤᠩ ᠭᠡᠮᠡᠬᠦ ᠶᠢᠨ ᠬᠤᠩ ᠢ ᠣᠷᠢᠳ ᠳ᠋ᠠᠢ ᠶᠢ ᠬᠤᠶᠢᠨ᠎ᠠ ᠣᠷᠣᠭᠤᠯᠣᠨ ᠨᠡᠷᠡᠯᠡᠭᠰᠡᠨ ᠢᠶᠠᠷ ᠬᠤᠸᠠᠩᠳᠢ ᠭᠡᠮᠡᠨ ᠨᠡᠷᠡᠵᠢᠭᠰᠡᠨ ᠪᠠᠶᠢᠵᠠᠢ᠃      ᠲᠡᠨᠳᠡ ᠠᠴᠠ ᠡᠴᠢᠭᠡ ᠪᠠᠶᠢᠯᠠ ᠬᠠᠭᠠᠨ ᠤ ᠡᠯᠴᠢ ᠨᠡᠬᠡᠭᠦᠯ ᠢᠷᠡᠭᠰᠡᠨ ᠠᠴᠠ ᠲᠡᠳᠡ ᠪᠣᠷᠣᠭᠤᠯᠠᠨ ᠳᠣᠲᠠᠭᠠᠵᠦ ᠨᠡᠭᠦᠭᠡᠳ ᠣᠨᠣᠨ ᠮᠦᠷᠡᠨ ᠤ ᠣᠷᠢᠲᠣ ᠬᠤᠶᠢᠲᠣ ᠡᠲᠡᠭᠡᠳ᠂ ᠬᠦᠭᠦᠯᠪᠢ ᠭᠡᠮᠡᠬᠦ ᠬᠦᠪᠴᠢ ᠶᠢᠨ ᠦᠪᠦᠷ ᠠᠷᠤ ᠪᠠᠷ ᠠᠬᠤ ᠭᠤᠤᠯ ᠠᠴᠠ ᠠᠯᠤᠰᠲᠡᠨ ᠨᠤᠲᠤᠭᠯᠠᠨ ᠭᠤᠷᠪᠠᠨ ᠵᠢᠯ ᠳᠡᠳᠦᠢ ᠪᠠᠶᠢᠲᠠᠯ᠎ᠠ᠂ ᠪᠠᠭᠠᠲᠤᠷ ᠪᠦᠪᠠᠢ ᠪᠠᠶᠢᠯᠠ ᠬᠠᠭᠠᠨ ᠴᠡᠷᠢᠭ ᠢᠯᠡᠭᠡᠵᠦ ᠪᠠᠯᠵᠢᠨ ᠬᠠᠲᠤᠨ ᠢ ᠬᠤᠷᠤᠭᠠᠵᠤ᠂ ᠬᠤᠷᠢ ᠠᠷᠪᠠᠨ ᠨᠢᠭᠡᠨ ᠤᠪᠤᠭ ᠨᠢ ᠤᠢ ᠰᠢᠭᠤᠢ᠂ ᠬᠠᠳᠠ ᠠᠭᠤᠯᠠ ᠪᠠᠷ ᠳᠤᠲᠠᠭᠠᠨ ᠤᠳᠪᠠ᠃ 1607 ᠤᠨ ᠲᠤᠬᠠᠢ ᠳᠤ ᠪᠤᠷᠤ ᠬᠤᠲᠠᠨ᠎ᠠ ᠨᠡᠭᠦᠵᠦ ᠬᠦᠭᠦᠯᠪᠢ ᠶᠢᠨ ᠬᠦᠪᠴᠢ ᠶᠢᠨ ᠠᠷᠤ ‍ᠦᠪᠦᠷ ᠢᠶᠠᠷ ᠨᠤᠲᠤᠭᠯᠠᠪᠠ᠃ ᠲᠠᠬᠢᠨ ᠲᠡᠨᠳᠡ ᠠᠴᠠ ᠨᠡᠭᠦᠵᠦ᠂ ᠪᠠᠶᠢᠭᠠᠯ ᠲᠠᠯᠠᠢ ᠶᠢᠨ ᠬᠦᠪᠡᠭᠡ ᠪᠠᠷ ᠪᠠ ᠤᠶᠢᠬᠠᠨ ᠭᠡᠮᠡᠬᠦ ᠠᠷᠠᠯ ᠢᠶᠠᠷ ᠨᠤᠲᠤᠭᠯᠠᠵᠤ ᠪᠠᠶᠢᠷᠢᠯᠠᠪᠠᠢ᠃ ᠳᠠᠶᠢᠨ ᠪᠠᠶᠢᠲᠠᠯ᠎ᠠ ᠶᠡᠭᠡ ᠳᠡᠭᠡᠳᠦ ᠠᠯᠧᠺᠰᠸᠢ ᠮᠢᠬᠠᠶᠢᠯᠤᠸᠢᠴᠢ ᠴᠠᠭᠠᠨ ᠬᠠᠭᠠᠨ ᠤ ᠬᠠᠶᠢᠷ᠎ᠠ ᠳᠤ ᠲᠦᠰᠢᠵᠦ ᠨᠢᠷᠴᠢᠤ ᠶᠢᠨ ᠤᠢᠭ᠍ᠷᠦᠭ ᠲᠤ ᠬᠠᠮᠵᠢᠵᠤ᠂ ᠠᠯᠪᠠᠲᠤ ᠪᠤᠯᠤᠭᠠᠳ ᠤᠷᠤᠰ ᠢᠶᠠᠷ 1648 ᠣᠨ ᠠᠴᠠ ᠡᠬᠢᠯᠡᠨ ᠴᠢᠳᠠᠯ ᠲᠠᠢ ᠤᠯᠤᠰ ᠢᠶᠠᠨ ᠲᠤᠭᠠᠯᠠᠵᠤ ᠨᠢᠭᠡᠨ ᠵᠠᠭᠤᠨ ᠵᠢᠷᠠᠨ ᠰᠠᠭᠠᠳᠠᠭ ᠭᠡᠮᠡᠨ ᠮᠦᠩᠭᠦ ᠠᠯᠪᠠ ᠡᠷᠭᠦᠬᠦ ᠪᠤᠯᠵᠤ ᠠᠮᠤᠷᠵᠢᠨ ᠰᠠᠭᠤᠭᠰᠠᠨ ᠪᠦᠯᠦᠭᠡ᠃ 1727 ᠣᠨ ᠳᠤ ᠣᠷᠣᠰ ᠬᠢᠭᠡᠳ ᠮᠠᠨᠵᠦ ᠭᠠᠵᠠᠷ ᠬᠤᠪᠢᠶᠠᠯᠴᠠᠵᠦ᠂ ᠬᠢᠯᠢ ᠶᠢᠨ ᠲᠡᠮᠳᠡᠭ ᠲᠠᠯᠪᠢᠭᠰᠠᠨ ᠤ ᠰᠡᠭᠦᠯᠡᠷ ᠨᠡᠭᠦᠭᠰᠡᠭᠡᠷ ᠨᠢᠪᠴᠦ᠋ ᠤᠨ ᠲᠣᠭᠤᠷᠢᠭ ᠤᠨ ᠠᠬᠢᠲᠠᠢ ᠰᠢᠳᠢᠨ ᠭᠤᠣᠯ ᠤᠳ ᠪᠠ ᠲᠡᠨᠳᠡ ᠠᠴᠠ ᠵᠠᠷᠢᠮ ᠨᠢ ᠣᠯᠠᠮ ᠨᠡᠭᠦᠭᠰᠡᠭᠡᠷ ᠦᠯᠦᠩᠭᠡ ᠳᠣᠷ᠎ᠠ ᠬᠤᠷᠢᠭᠤᠨ ᠬᠢᠭᠡᠳ ᠪᠣᠰᠣ ᠴᠦ ᠲᠡᠷᠡ ᠱᠠᠲᠣ ᠪᠠᠷ ᠨᠡᠭᠦᠵᠦ ᠣᠯᠠᠮ ᠳᠠᠮᠵᠢᠭᠰᠠᠭᠠᠷ ᠵᠠᠷᠢᠮ ᠨᠢ ᠳᠡᠭᠡᠷ᠎ᠡ ᠢᠯᠡᠷᠬᠡᠶᠢᠯᠡᠭᠳᠡᠭᠰᠡᠨ 1703 ᠣᠨ ᠤ ᠭᠤᠷᠪᠠᠳᠣᠭᠠᠷ ᠰᠠᠷ᠎ᠠ ᠶᠢᠨ 22 ᠤ ᠡᠳᠦᠷ ᠤᠨ ᠬᠠᠷᠮᠣᠲᠠᠢ ᠶᠢᠨ ᠶᠣᠰᠣᠭᠠᠷ ᠡᠵᠡᠨ ᠦᠭᠡᠢ ᠪᠠᠶᠢᠭᠰᠠᠨ ᠠᠬᠤ ᠭᠤᠣᠯ ᠬᠢᠭᠡᠳ ᠣᠨᠣᠨ ᠮᠦᠷᠡᠨ ᠤ ᠬᠦᠪᠡᠭᠡ ᠪᠠᠷ ᠪᠠᠶᠢᠪᠠ᠃ ᠡᠨᠡ ᠦᠶ᠎ᠡ ᠳᠤ ᠬᠠᠷᠭᠠᠨ᠎ᠠ᠂ ᠬᠤᠸᠠᠰᠠᠢ᠂ ᠭᠠᠯᠵᠣᠳ᠂ ᠴᠠᠭᠠᠨ᠂ ᠱᠠᠷᠠᠶᠢᠳ᠂ ᠬᠦᠪᠳᠣᠭᠦᠳ᠂ ᠪᠣᠳᠣᠩᠭᠤᠳ ᠡᠭ᠎ᠠ ᠶᠢᠨ ᠳᠣᠯᠣᠭᠠᠨ ᠣᠪᠣᠭ ᠭᠡᠮᠡᠨ ᠠᠯᠳᠠᠷᠰᠢᠭᠰᠠᠨ ᠶᠤᠮ᠃ ᠣᠪᠣᠭ ᠣᠪᠣᠭ ᠲᠠᠭᠠᠨ ᠵᠠᠶᠢᠰᠠᠩ ᠤᠳ ᠲᠠᠢ ᠪᠠᠶᠢᠵᠠᠢ᠃      ᠬᠤᠶᠠᠷ᠂ ᠠᠮᠠᠨ ᠦᠯᠢᠭᠡᠷ ᠤᠨ ᠲᠧᠺᠰᠲ ᠤᠨ ᠠᠭᠤᠯᠭ᠎ᠠ      ᠡᠷᠳᠡ ᠣᠷᠢᠳᠦ ᠴᠠᠭ ᠲᠤ ᠪᠠᠷᠠᠭᠤᠨ ᠵᠦᠭ ᠪᠠᠳᠠ ᠨᠠᠸ᠎ᠠ ᠨᠤᠳᠤᠭ ᠲᠠᠢ ᠬᠤᠷᠢᠯᠳᠠᠢ ᠮᠡᠷᠭᠡᠨ ᠭᠡᠵᠦ ᠪᠠᠭᠠᠳᠣᠷ ᠵᠤᠷᠢᠭ ᠲᠠᠢ᠂ ᠪᠠᠷᠰ ᠤᠨ ᠬᠦᠴᠦ ᠲᠠᠢ᠂ ᠪᠤᠯᠠᠭᠠᠨ ᠳᠠᠬᠤ ᠲᠠᠢ᠂ ᠪᠤᠯᠠᠶᠢᠬᠠᠨ ︵ᠠᠮᠦᠷ ᠦᠭᠡᠢ︶ ᠬᠦᠪᠡᠬᠦᠨ ᠪᠠᠶᠢᠭᠰᠠᠨ ᠬᠡᠨ᠎ᠡ᠃ ᠪᠠᠶᠢᠭᠠᠯ ᠳᠠᠯᠠᠢ ᠶᠢᠨ ᠡᠷᠭᠢ ᠳᠤ ᠪᠠᠭᠠᠪᠠᠭᠠᠢ ᠶᠢᠨ ᠠᠷᠠᠰᠦᠨ ᠣᠷᠰᠠ ︵ᠤᠷᠤᠴᠠ︶ ᠪᠠᠷᠢᠵᠦ᠂ ᠪᠠᠷᠬᠠᠨ ︵ᠠᠭᠤᠯᠠ︶ ᠤᠶᠢᠬᠤᠨ ︵ᠣᠯᠳᠣᠷᠢᠭ︶ ᠲᠤ ᠵᠠᠯᠪᠠᠷᠢᠵᠦ ᠶᠠᠪᠤᠬᠤ ᠳᠤ ᠨᠢ᠂ ᠨᠠᠢᠮᠠᠨ ᠢᠳᠡᠷᠡᠭᠦᠨ ᠬᠤᠨ ᠰᠢᠪᠠᠭᠤᠨ ᠨᠢᠳᠡᠨ ︵ᠨᠢᠰᠦᠨ︶ ᠢᠷᠡᠵᠦ᠂ ᠬᠤᠪᠴᠠᠰᠦ ᠪᠠᠨ ᠳᠠᠶᠢᠯᠬᠤ ᠳᠤ ᠪᠠᠨ ᠰᠢᠪᠠᠭᠤᠳ ᠪᠢᠰᠢ᠂ ᠴᠡᠪᠡᠷᠬᠡᠨ ᠴᠡᠯᠮᠡᠭ ᠰᠣᠪᠣᠳ ᠠᠳᠠᠯᠢ ᠪᠠᠰᠠᠭᠠᠳ ︵ᠬᠡᠣᠬᠡᠨ︶ ᠪᠤᠯᠵᠦ᠂ ᠪᠠᠶᠢᠭᠠᠯ ᠳᠠᠯᠠᠢ ᠶᠢᠨ ᠣᠰᠣᠨ ᠳᠤ ᠪᠠᠭᠯᠠᠭ᠎ᠠ ᠴᠡᠴᠡᠭ ᠣᠷᠭᠤᠭᠰᠠᠨ ᠰᠢᠬ ᠰᠠᠶᠢᠬᠠᠨ ᠢᠶᠠᠷ ᠨᠠᠭᠠᠳᠬᠤ ᠶᠢ ᠨᠢ ᠬᠠᠷᠠᠳᠠᠭ ᠪᠠᠶᠢᠪᠠ᠃       ᠪᠠᠷ ︵ᠪᠠᠷᠰ︶ ᠠᠩᠨᠠᠵᠦ᠂ ᠬᠤᠷᠢᠯᠳᠠᠢ ᠮᠡᠷᠭᠡᠨ ᠬᠦᠪᠡᠬᠦᠨ ᠬᠡᠳᠦᠨ ᠡᠳᠦᠷ ᠬᠡᠰᠦᠵᠦ᠂ ᠠᠵᠢᠵᠦ ᠮᠡᠳᠡᠭᠡᠳ᠂ ᠰᠡᠮᠭᠡᠨ ᠣᠶᠢᠷᠠᠲᠤᠬᠤ ᠠᠷᠭ᠎ᠠ ᠶᠢ ᠣᠷᠣᠯᠳᠣᠪᠠ ᠭᠡᠨ᠎ᠡ᠃ ᠳᠡᠭᠡᠭᠡᠳ ᠨᠢᠭᠡᠨ ᠡᠳᠦᠷ ᠠᠷᠠᠢ ᠭᠡᠵᠦ ᠬᠤᠨ ᠤ ᠬᠤᠪᠴᠠᠰᠣᠨ ᠳᠤ ᠨᠢ ᠤᠶᠢᠷᠠᠳᠣᠵᠦ ᠶᠠᠪᠤᠬᠤ ᠳᠤ ᠨᠢ ᠳᠡᠳᠡ ᠪᠠᠰᠠᠭᠠᠳ ᠬᠤᠪᠴᠠᠰᠦ ᠪᠠᠨ ᠡᠮᠦᠰᠦᠭᠡᠳ ᠨᠢᠳᠡᠵᠦ ︵ᠨᠢᠰᠴᠦ︶ ᠭᠠᠷᠣᠭᠰᠠᠨ ᠭᠡᠨ᠎ᠡ᠃ ᠬᠠᠮᠤᠭ ᠤᠨ ᠰᠡᠭᠦᠯᠴᠢ ᠶᠢᠨ ᠨᠠᠭᠠᠳᠬᠤ ᠳᠣᠷᠠᠳᠠᠢ ᠪᠠᠰᠠᠭᠠᠨ ︵ᠬᠡᠣᠬᠡᠨ︶ ᠬᠤᠷᠢᠯᠳᠠᠢ ᠮᠡᠷᠭᠡᠨ ᠳᠤ ᠬᠤᠨ ᠬᠤᠪᠴᠠᠰᠦ ᠪᠠᠨ ᠠᠪᠤᠭᠤᠯᠤᠭᠰᠠᠨ ᠪᠠᠶᠢᠪᠠ᠃ ᠵᠠᠢ︕ ᠳᠡᠭᠡᠬᠦ ᠳᠤ ᠪᠠᠰᠠᠭᠠᠨ ︵ᠬᠡᠣᠬᠡᠨ︶ ᠢᠴᠢᠵᠦ᠂ ᠭᠠᠶᠢᠬᠠᠵᠦ᠂ ᠭᠤᠶᠤᠵᠦ ᠶᠠᠳᠠᠭᠠᠳ᠂ ᠶᠠᠭᠠᠬᠢᠬᠤ ᠴᠦ ᠠᠷᠭ᠎ᠠ ᠦᠭᠡᠢ ᠪᠤᠯᠪᠠ ᠬᠡᠨ᠎ᠡ᠃ ᠬᠦᠪᠡᠬᠦᠨ ᠴᠦ ᠪᠠᠰᠠ ᠬᠦᠰᠡᠬᠦ ᠶᠢᠨ ᠶᠡᠬᠡᠪᠡᠷ ᠬᠦᠰᠡᠵᠦ᠂ ᠭᠤᠶᠤᠬᠤ ᠶᠢᠨ ᠶᠡᠬᠡᠪᠡᠷ ᠭᠤᠶᠤᠵᠦ᠂ ᠪᠠᠰᠠᠭᠠᠨ ᠢ ᠠᠷᠠᠰᠤᠨ ᠣᠷᠰᠠ ︵ᠤᠷᠤᠴᠠ︶ ᠳᠤ ᠪᠠᠨ ᠠᠪᠴᠢᠷᠠᠵᠦ᠂ ᠬᠤᠨ ᠳᠡᠪᠡᠯ ᠢ ᠨᠢ ᠦᠭᠭᠦᠭᠡ ᠦᠭᠡᠢ ᠪᠠᠷ ᠨᠢᠭᠤᠪᠠ᠃ ᠣᠳᠠᠭᠠᠨ ᠴᠦ ᠶᠡᠭᠡ ᠪᠤᠯᠤᠭ᠎ᠠ ᠦᠭᠡᠢ ᠪᠠᠷ ᠵᠠᠯᠠᠭᠤ ᠬᠤᠶᠠᠷ ᠠᠮᠢ ᠠᠶᠢᠯ ᠭᠡᠷ ᠪᠤᠯᠵᠦ᠂ ᠬᠡᠤᠬᠡᠳ ᠲᠠᠢ ᠪᠤᠯᠬᠤ ᠪᠤᠯᠤᠭᠰᠠᠨ ᠬᠡᠨ᠎ᠡ᠃ ᠳᠡᠭᠡᠭᠡᠳ ᠤᠨ ᠵᠢᠯ ᠦᠭᠭᠡᠷᠡᠵᠦ᠂ ᠠᠷᠪᠠᠨ ᠨᠢᠭᠡᠨ ᠬᠦᠪᠡᠬᠦᠨ ᠲᠠᠢ ᠪᠤᠯᠵᠦ᠂ ᠠᠩ ᠠᠪᠠ ᠬᠢᠵᠦ ᠠᠵᠦ ᠲᠦᠷᠦᠵᠦ᠂ ᠨᠠᠶᠢᠷ ᠲᠠᠢ ᠨᠠᠭᠠᠳᠣᠮ ᠲᠠᠢ ᠪᠠᠶᠢᠳᠠᠭ ᠪᠤᠯᠤᠭᠰᠠᠨ ᠰᠡᠨ᠃      ᠳᠡᠭᠡᠭᠡᠳ ᠬᠤᠨ ᠬᠤᠪᠴᠠᠰᠣ ᠲᠠᠢ ᠪᠠᠰᠠᠠᠭᠠᠨ ︵ᠬᠡᠣᠬᠡᠨ︶ ᠨᠤᠳᠤᠭ ᠢᠶᠠᠨ ᠬᠦᠰᠡᠵᠦ᠂ ᠬᠤᠨ ᠬᠤᠪᠴᠠᠰᠦ ᠪᠠᠨ ᠭᠤᠶᠤᠳᠠᠭ ᠪᠠᠶᠢᠭᠰᠠᠨ ᠪᠠᠶᠢᠨ᠎ᠠ᠃ ᠳᠡᠭᠡᠬᠦ ᠳᠤ᠄ ︽ᠬᠦᠬᠦᠭᠦᠯᠵᠦ ᠳᠡᠵᠢᠭᠡᠭᠰᠡᠨ ᠬᠦᠪᠡᠬᠦᠳ ᠢᠶᠠᠨ᠂ ᠬᠦᠭᠰᠢᠷᠡᠪᠡ ᠭᠡᠵᠦ ᠬᠠᠨᠢ ᠴᠢᠮᠠᠢᠢ ᠪᠠᠨ ᠣᠷᠬᠢᠬᠤ ᠠᠷᠭ᠎ᠠ ᠦᠭᠡᠢ ᠪᠤᠯᠤᠭ᠎ᠠ ᠭᠡᠴᠢᠭᠡᠪᠡ᠃ ᠬᠤᠨ ᠰᠢᠪᠠᠭᠤᠨ ᠳᠡᠪᠡᠯ ᠢᠶᠠᠨ ᠦᠷ᠎ᠡ ᠪᠡᠶ᠎ᠡ ᠳᠤ ᠪᠠᠨ ᠦᠵᠡᠭᠦᠯᠭᠦᠮ᠃ ᠦᠪᠡᠷ ᠢᠶᠠᠨ ᠴᠦ ᠡᠮᠦᠰᠴᠦ ᠰᠣᠨᠢᠷᠬᠠᠬᠤᠮ᠂ ᠡᠭᠦᠳᠡ ᠮᠢᠨᠢ ᠤᠶᠠᠭᠠᠳᠠᠢ᠂ ᠡᠷᠦᠭᠡ ᠳᠣᠯᠣᠭᠰᠠᠨ ᠭᠠᠯ ᠲᠠᠢ ᠪᠠᠶᠢᠨᠠᠪ ᠳ᠋ᠠ᠂ ᠪᠢ ᠶᠠᠭᠠᠬᠢᠵᠦ ᠨᠢᠰᠬᠦ ᠪᠤᠢ︾ ᠭᠡᠬᠦ ᠳᠤ ᠨᠢ ᠬᠤᠷᠢᠯᠳᠠᠢ ᠮᠡᠷᠭᠡᠨ ᠬᠤᠪᠴᠠᠰᠦ ᠶᠢ ᠨᠢ ᠭᠠᠷᠭᠠᠵᠦ ᠦᠭᠭᠦᠭᠡᠳ᠂ ᠡᠷᠦᠭᠡ ᠪᠠᠨ ᠲᠠᠲᠠᠵᠦ᠂ ᠭᠠᠯ ᠲᠦᠯᠡᠭᠡᠳ᠂ ᠡᠭᠦᠳᠡ ᠪᠠᠨ ᠳᠠᠷᠣᠵᠦ ᠰᠠᠭᠤᠭᠰᠠᠨ ᠪᠠᠶᠢᠨ᠎ᠠ᠃ ᠠᠷᠪᠠᠨ ᠨᠢᠭᠡᠨ ᠬᠦᠪᠡᠬᠦᠳ ᠨᠢ ᠠᠵᠢᠭᠯᠠᠨ ᠪᠠᠶᠠᠷᠯᠠᠵᠦ᠂ ᠬᠤᠨ ᠬᠤᠪᠴᠠᠰᠣ ᠲᠠᠢ ᠡᠵᠢ ᠪᠠᠨ ᠳᠣᠭᠤᠷᠢᠨ ᠭᠠᠶᠢᠬᠠᠵᠦ ᠪᠠᠶᠢᠬᠤ ᠳᠤ ᠨᠢ᠂ ᠡᠵᠢ ᠨᠢ᠄      — ︽ᠦᠶ᠎ᠡ ᠶᠢᠨ ᠦᠶ᠎ᠡ ᠳᠤ ᠦᠨᠢᠷ᠂ ᠦᠷ᠎ᠡ ᠶᠢᠨ ᠦᠷ᠎ᠡ ᠳᠤ ᠪᠠᠶᠠᠨ᠂ ᠰᠠᠷᠠᠭᠤᠯ ᠰᠠᠶᠢᠬᠠᠨ ᠴᠠᠭ ᠲᠤ᠂ ᠡᠴᠢᠭᠡ ᠶᠢᠨ ᠢᠶᠠᠨ ᠢᠷᠦᠭᠡᠯ ᠳᠤ ᠡᠪᠳᠡᠢ ᠨᠠᠶᠢᠷ ᠲᠠᠢ ᠶᠠᠪᠣᠭᠠᠷᠠᠢ︾ ᠭᠡᠵᠦ ᠢᠷᠦᠭᠡᠭᠡᠳ ᠭᠡᠨᠡᠳᠳᠡ ᠨᠢᠰᠦᠭᠡᠳ ᠳᠣᠭᠤᠨᠣ ᠪᠠᠷ ᠭᠠᠷᠣᠭᠰᠠᠨ ᠭᠡᠨ᠎ᠡ᠃      — ︽ᠬᠤᠨ ᠴᠠᠭᠠᠨ ᠰᠡᠳᠭᠢᠯ ᠢᠶᠠᠷ ᠢᠶᠠᠨ᠂ ᠬᠤᠨ ᠴᠠᠭᠠᠨ ᠳᠠᠯᠠᠪᠴᠢ ᠪᠠᠷ ᠢᠶᠠᠨ ᠨᠢᠰᠴᠦ ᠢᠷᠡᠭᠡᠷᠡᠢ᠂ ᠡᠨᠡ ᠬᠦᠦ ᠨᠦᠭᠦᠳ ᠢᠶᠠᠨ ᠡᠩᠬᠡᠷᠡᠵᠦ ᠶᠠᠪᠤᠭᠠᠷᠠᠢ︾ ᠭᠡᠭᠰᠡᠭᠡᠷ ᠬᠤᠷᠢᠯᠳᠠᠢ ᠮᠡᠷᠭᠡᠨ ᠦᠯᠡᠳᠡᠭᠰᠡᠨ ᠪᠠᠶᠢᠵᠠᠢ᠃ ᠳᠡᠭᠡᠭᠡᠳ ᠡᠩᠭᠡᠷᠡᠶᠢᠯᠳᠦ ᠡᠬᠡ ᠪᠠᠨ ᠦᠬᠡᠯᠡᠬᠦ ᠦᠬᠡᠢ ᠭᠡᠵᠦ ᠠᠶᠢᠯᠴᠢᠯᠠᠵᠦ ᠢᠷᠡᠨ᠎ᠡ ᠭᠡᠳ ᠴᠠᠪ ᠴᠠᠭᠠᠨ ᠬᠤᠨ ᠳᠡᠪᠡᠯ ᠢᠶᠠᠨ ᠡᠯᠬᠦᠬᠦ ᠶᠢ ᠨᠢ ᠠᠪᠤ ᠬᠦᠪᠡᠬᠦᠨ ᠨᠡᠶᠢᠯᠡᠵᠦ ᠠᠷᠪᠠᠨ ᠬᠤᠶᠠᠷ ᠬᠤᠨ ᠴᠠᠭᠠᠨ ᠦᠩᠭᠡᠳᠡᠢ ᠬᠤᠰᠦ ᠮᠤᠳᠣᠨ ᠰᠡᠷᠭᠡ ︵ᠤᠶᠠᠭ᠎ᠠ︶ ᠵᠤᠬᠢᠶᠠᠭᠰᠠᠨ ᠭᠡᠳᠡᠭ᠃ ᠬᠤᠷᠢᠯᠳᠠᠢ ᠬᠦᠪᠡᠬᠦᠨ ᠤ ᠬᠤᠷᠢ ᠠᠷᠪᠠᠨ ᠨᠢᠭᠡᠨ ᠪᠤᠷᠢᠶᠠᠳ ᠵᠤᠨ ︵ᠬᠦᠮᠦᠨ︶ ᠦᠰᠴᠦ ᠦᠷᠡᠵᠢᠵᠦ᠄ ︽ᠬᠤᠨ ᠰᠢᠪᠠᠭᠤᠨ ᠭᠠᠷᠣᠪᠠᠯ ᠲᠠᠢ᠂ ᠬᠤᠰᠦ ᠮᠣᠳᠣᠨ ᠰᠡᠷᠭᠡ ᠲᠠᠢ︾ ᠭᠡᠬᠦ ᠪᠤᠯᠤᠭᠰᠠᠨ ᠭᠡᠳᠡᠭ᠃      ᠡᠨᠡ ᠪᠣᠯ ︽ᠬᠤᠷᠢᠯᠳᠠᠢ ᠮᠡᠷᠭᠡᠨ︾ ᠭᠡᠬᠦ ᠦᠯᠢᠭᠡᠷ ᠤᠨ ᠲᠧᠺᠰᠲ ᠤᠨ ᠠᠭᠤᠯᠭ᠎ᠠ᠃      ᠨᠢᠭᠡᠨ ᠨᠠᠵᠠᠷ ᠦᠨᠦᠴᠢᠨ ᠬᠦᠪᠡᠭᠦᠨ ᠭᠠᠳᠠᠨ᠎ᠠ ᠭᠡᠳᠡᠰᠦ ᠪᠠᠨ ᠰᠢᠷᠠᠵᠦ ᠬᠡᠪᠳᠡᠬᠦ ᠳᠤ ᠨᠢ ᠳᠣᠯᠣᠭᠠᠨ ᠴᠠᠭᠠᠨ ᠰᠢᠪᠠᠭᠤᠳ ᠳᠡᠭᠡᠭᠦᠷ ᠨᠢ ᠳᠠᠭᠤ ᠭᠠᠷᠣᠯᠳᠣᠭᠠᠳ᠂ ᠳᠠᠯᠠᠢ ᠶᠢᠨ ᠡᠷᠬᠢ ᠳᠤ ᠰᠠᠭᠤᠪᠠ᠃ ᠬᠦᠪᠡᠭᠦᠨ ᠰᠡᠮᠡᠬᠡᠨ ᠢᠶᠠᠷ ᠪᠤᠳᠣᠭᠠᠳ ︵ᠪᠤᠰᠤᠭᠠᠳ︶᠄︽ᠡᠳᠡᠨ ᠢ ᠪᠠᠷᠢᠵᠦ ᠴᠢᠳᠠᠬᠤ ᠠ︖︾ ᠭᠡᠵᠦ ᠮᠢᠷᠠᠢ ᠮᠢᠷᠠᠶᠢᠭᠰᠠᠭᠠᠷ ᠣᠶᠢᠷ᠎ᠠ ᠣᠴᠢᠪᠠ᠃ ᠣᠴᠢᠭᠠᠳ ᠬᠠᠷᠠᠭᠰᠠᠭᠠᠷ ᠪᠠᠶᠢᠳᠠᠯ᠎ᠠ ᠨᠢ ᠳᠣᠯᠣᠭᠠᠨ ᠴᠠᠭᠠᠨ ᠰᠢᠪᠠᠭᠤᠳ ᠬᠤᠪᠴᠠᠰᠦ ᠪᠠᠨ ᠲᠠᠶᠢᠯᠵᠦ ᠬᠠᠶᠠᠭᠠᠳ᠂ ᠳᠣᠯᠣᠭᠠᠨ ᠣᠴᠢᠷ ᠦᠭᠡᠢ ᠰᠠᠶᠢᠬᠠᠨ ᠪᠠᠰᠠᠭᠠᠳ ᠪᠤᠯᠴᠢᠬᠠᠪᠠ᠃ ᠳᠡᠭᠡᠭᠡᠳ ᠳᠠᠯᠠᠢ ᠳᠤ ᠣᠷᠣᠵᠦ ᠱᠣᠩᠪᠠᠭᠠᠳ᠂ ᠶᠡᠭᠡ ᠬᠤᠯᠠ ᠣᠮᠪᠠᠵᠦ ᠶᠠᠪᠤᠴᠢᠬᠠᠪᠠ᠃ ᠲᠡᠷᠡ ᠰᠢᠪᠠᠭᠤᠳ ᠢ ᠦᠭᠡᠢ ᠪᠤᠯᠤᠭᠰᠠᠭᠠᠷ ᠬᠦᠪᠡᠭᠦᠨ ᠬᠦᠯᠢᠶᠡᠭᠡᠳ ᠰᠠᠭᠤᠭ᠎ᠠ᠃ ᠬᠠᠷᠠᠭᠳᠠᠬᠤ ᠦᠭᠡᠢ ᠶᠠ ᠪᠤᠯᠬᠤᠷ ᠨᠢ ᠬᠤᠷᠭᠤᠭᠳᠠᠭᠰᠠᠨ ᠭᠠᠵᠠᠷ ᠠᠴᠠ ᠪᠠᠨ ᠭᠠᠷᠴᠦ ᠨᠢᠭᠡ ᠡᠭᠡᠭᠡ ᠰᠠᠶᠢᠬᠠᠨ ᠰᠢᠪᠠᠭᠤᠨ ᠬᠤᠪᠴᠠᠰᠦ ᠶᠢ ᠨᠢ ᠠᠪᠠᠴᠢᠪᠠ᠃ ᠳᠡᠭᠡᠭᠡᠳ ᠳᠠᠬᠢᠨ ᠬᠤᠷᠭᠤᠳᠣᠭᠠᠳ ︵ᠨᠢᠭᠤᠭᠳᠠᠨ︶ ᠰᠠᠭᠤᠴᠢᠬᠠᠪᠠ᠃ ᠵᠢᠷᠭᠤᠭᠠᠨ ᠰᠢᠪᠠᠭᠤ ᠨᠢ ᠬᠤᠪᠴᠠᠰᠦ ᠪᠠᠨ ᠡᠮᠦᠰᠦᠭᠡᠳ ᠳᠠᠬᠢᠨ ᠵᠢᠷᠭᠤᠭᠠᠨ ᠴᠠᠭᠠᠨ ᠰᠢᠪᠠᠭᠤᠳ ᠪᠤᠯᠤᠭᠠᠳ ᠨᠢᠰᠪᠡ᠃ ᠨᠢᠭᠡ ᠪᠠᠰᠠᠭᠠᠨ ︵ᠬᠡᠣᠬᠡᠨ︶ ᠨᠢ ᠭᠠᠭᠴᠠᠭᠠᠷ ᠢᠶᠠᠷ ᠦᠯᠡᠳᠡᠭᠡᠳ᠂ ᠲᠡᠷᠡᠨᠳᠢ ︵ᠣᠰᠣᠨ ᠤ ᠡᠷᠭᠢᠨ ᠳᠤ ᠣᠷᠭᠤᠮᠠᠯ ᠨᠢᠭᠡ ᠵᠦᠢᠯ ᠤᠨ ᠣᠷᠭᠤᠮᠠᠯ︶ ᠳᠣᠳᠣᠷ᠎ᠠ ᠣᠷᠣᠴᠢᠬᠠᠭᠠᠳ ᠰᠠᠭᠤᠨ᠎ᠠ᠃ ᠦᠳᠡᠰᠢ ᠪᠤᠯᠪᠠ᠃ ᠬᠠᠷᠠᠩᠭᠤᠢ ᠪᠤᠯᠭᠠᠭᠠᠳ ᠲᠡᠷᠡ ᠪᠠᠰᠠᠭᠠᠨ ᠬᠠᠰᠬᠢᠷᠣᠨ᠎ᠠ᠄      — ᠢᠳᠡᠷ ᠵᠠᠯᠠᠭᠤ ᠬᠦᠪᠡᠬᠦᠨ ᠪᠠᠶᠢᠪᠠᠯ ᠡᠷ᠎ᠡ ᠡᠮ᠎ᠡ ᠪᠤᠯᠬᠤᠰᠢ᠃ ᠦᠳᠡᠯᠦᠭᠰᠡᠨ ᠬᠦᠮᠦᠨ ᠪᠠᠶᠢᠪᠠᠯ᠂ ᠠᠪᠠᠮᠨᠢ ︵ᠠᠪᠤ︶ ᠪᠤᠯᠤᠭᠠᠷᠠᠢ᠃ ᠭᠠᠷᠴᠣ ᠬᠤᠪᠴᠠᠰᠦ ᠶᠢ ᠮᠢᠨᠢ ᠦᠭᠭᠦᠭᠡᠴᠢ ᠭᠡᠨ᠎ᠡ᠃ ᠬᠦᠪᠡᠬᠦᠨ ᠭᠠᠷᠴᠦ ᠢᠷᠡᠭᠡᠳ᠂ ᠬᠤᠪᠴᠠᠰᠦ ᠶᠢ ᠨᠢ ᠦᠭᠭᠦᠭᠡᠳ᠂ ᠭᠠᠭᠴᠠ ᠳᠦᠷᠪᠡᠯᠵᠢᠨ ᠳᠣᠷᠭᠠᠨ ᠫᠣᠯᠠᠳ ︵ᠳᠣᠯᠣᠭᠠᠢ ᠶᠢᠨ ᠪᠤᠭᠤᠯᠳᠠ︶ ᠢ ᠨᠢ ᠦᠭᠭᠦᠭᠡ ᠦᠭᠡᠢ᠃ ᠲᠡᠭᠡᠭᠡᠵᠦ ᠭᠡᠷᠭᠡᠢ ᠪᠠᠨ ᠪᠣᠯᠭᠠᠪᠠ᠃ ᠬᠦᠪᠡᠭᠦᠨ ᠦᠷᠯᠣᠭᠡ ᠡᠳᠦᠷ ᠨᠢ ᠭᠡᠷᠭᠡᠢ ᠪᠠᠨ ᠬᠠᠷᠠᠭᠠᠳ᠂ ᠬᠠᠷᠠᠵᠦ ᠯᠠ ᠪᠠᠶᠢᠨ᠎ᠠ᠃ ᠳᠡᠭᠡᠬᠦ ᠳᠤ ᠨᠢ ᠰᠠᠮᠠᠭᠠᠨ ᠨᠢ ᠦᠪᠡᠷ ᠤᠨ ᠢᠶᠠᠨ ᠲᠦᠷᠢ ᠶᠢ ᠴᠠᠭᠠᠰᠣᠨ ᠳᠡᠭᠡᠷ᠎ᠡ ᠵᠢᠷᠤᠵᠦ ᠦᠭᠭᠦᠭᠡᠳ᠂ ᠭᠠᠷ ᠲᠤ ᠨᠢ ᠪᠠᠷᠢᠭᠤᠯᠤᠭᠠᠳ ᠳᠠᠯᠪᠢᠪᠠ᠃ ᠬᠦᠪᠡᠬᠦᠨ ᠲᠡᠷᠡ ᠲᠦᠷᠢ ᠶᠢ ᠨᠢ ᠠᠪᠤᠭᠠᠳ ᠣᠷᠬ᠎ᠠ ᠲᠤ ᠨᠢ ᠣᠷᠣᠭᠰᠠᠨ ᠠᠩ ᠤᠳ ᠪᠠᠨ᠂ ᠬᠦᠯᠮ᠎ᠡ ᠳᠤ ᠣᠷᠣᠭᠰᠠᠨ ᠵᠢᠭᠠᠰᠦ ᠤᠳ ᠪᠠᠨ ᠰᠠᠯᠭᠠᠬᠤ ᠪᠠᠷ ᠣᠴᠢᠪᠠ᠃ ᠶᠠᠪᠤᠵᠦ ᠶᠠᠪᠤᠭᠰᠠᠭᠠᠷ ᠵᠩᠡ ᠰᠠᠯᠬᠢᠨ ᠳᠡᠭᠳᠡᠭᠡᠳ ᠲᠡᠷᠡ ᠲᠦᠷᠢ ᠨᠢ ᠰᠠᠯᠬᠢᠨ ᠳᠤ ᠭᠡᠶᠢᠰᠦᠨ ᠠᠪᠠᠭ᠋ᠠᠢ ᠬᠠᠭᠠᠨ ᠤ ᠣᠷᠳᠣᠨ ᠤ ᠬᠦᠷᠢᠶᠠᠨ ᠳᠤ ᠣᠨᠠᠴᠢᠬᠠᠪᠠ᠃ ᠠᠪᠠᠭ᠋ᠠᠢ ᠬᠠᠭᠠᠨ ᠤ ᠴᠡᠷᠢᠭ ᠤᠳ ᠨᠢ ᠭᠠᠳᠠᠭᠤᠷ ᠢᠶᠠᠨ ᠶᠠᠪᠤᠵᠦ ᠪᠠᠶᠢᠭᠠᠳ ᠲᠡᠷᠡ ᠲᠦᠷᠢ ᠶᠢ ᠨᠢ ᠤᠯᠤᠭᠠᠳ ᠬᠠᠭᠠᠨ ᠳᠤ ᠪᠠᠨ ᠣᠷᠣᠭᠤᠯᠵᠦ ᠦᠭᠭᠦᠨ᠎ᠡ᠃ ᠬᠠᠭᠠᠨ ᠬᠠᠷᠠᠭᠰᠠᠭᠠᠷ ᠲᠣᠷᠠᠯᠠᠭᠠᠳ᠂ ᠡᠨᠡ ᠪᠠᠰᠠᠭᠠᠨ ᠢ ᠡᠷᠢᠬᠦ ᠭᠡᠵᠦ ᠴᠡᠷᠢᠭ ᠴᠣᠭᠯᠠᠭᠤᠯᠪᠠ᠃ ᠲᠡᠭᠡᠭᠡᠳ ᠲᠡᠷᠡ ᠰᠠᠮᠠᠠᠭᠠᠨ ᠢ ᠣᠷᠳᠣᠨ ᠳᠤ ᠪᠠᠨ ᠪᠠᠷᠢᠵᠦ ᠬᠠᠲᠣᠨ ᠢᠶᠠᠨ ᠪᠣᠯᠭᠠᠪᠠ᠃      ᠡᠭᠦᠨ ᠢ ᠮᠡᠳᠡᠭᠰᠡᠨ ᠦᠨᠦᠴᠢᠨ ᠬᠦᠪᠡᠬᠦᠨ ᠣᠯᠠᠭᠠᠨ ᠨᠠᠷᠠᠨ ᠢᠶᠠᠷ ᠪᠣᠰᠴᠦ᠂ ᠬᠠᠭᠠᠨ ᠤ ᠣᠷᠳᠣᠨ ᠳᠤ ᠶᠠᠪᠣᠵᠦ᠂ ᠠᠪᠠᠭ᠋ᠠᠢ ᠬᠠᠭᠠᠨ ᠢ ᠠᠯᠠᠵᠦ᠂ ᠠᠪᠠᠭ᠋ᠠᠢ ᠬᠠᠭᠠᠨ ᠤ ᠣᠷᠣᠨ ᠳᠤ ᠦᠪᠡᠷ ᠢᠶᠠᠨ ᠬᠠᠭᠠᠨ ᠪᠤᠯᠵᠦ ᠳᠡᠭᠷᠢ ᠶᠢᠨ ᠪᠠᠰᠠᠭᠠᠨ ︵ᠦᠬᠢᠨ︶ ᠬᠠᠳᠣᠨ ᠨᠢ ᠪᠤᠯᠵᠦ᠂ ᠶᠡᠭᠡ ᠵᠤᠭ᠎ᠠ ᠨᠠᠶᠢᠷ ᠪᠤᠯᠪᠠ᠃ ᠶᠢᠰᠦᠨ ᠡᠳᠦᠷ ᠶᠢᠰᠦᠨ ᠰᠦᠨᠢ ᠨᠠᠶᠢᠷ ᠨᠠᠭᠠᠳᠣᠮ ᠬᠢᠬᠡᠳ ᠲᠠᠷᠬᠠᠵᠦ ᠠᠷᠠᠳ ᠵᠣᠨ ᠨᠢ ᠶᠡᠭᠡ ᠪᠠᠶᠠᠷᠳᠠᠢ ᠲᠠᠷᠬᠠᠵᠦ ᠬᠠᠷᠢᠪᠠ᠃      ᠲᠡᠭᠦᠨ ᠠᠴᠠ ᠬᠤᠶᠢᠰᠢ ᠬᠦᠪᠡᠬᠦᠨ ᠰᠠᠮᠭᠠᠨ ᠲᠠᠢ ᠪᠠᠨ ᠤᠯᠠᠨ ᠦᠷ᠎ᠡ ᠲᠠᠢ ᠪᠣᠯᠣᠭᠠᠳ ᠵᠢᠷᠭᠠᠵᠦ ᠰᠠᠭᠤᠭᠰᠠᠨ ᠭᠡᠨ᠎ᠡ᠃      ᠡᠨᠡ ᠪᠣᠯ ︽ᠴᠠᠭᠠᠨ ᠰᠢᠪᠠᠭᠤ ᠪᠠᠷ ᠭᠡᠷᠭᠡᠢ ᠪᠠᠨ ᠬᠢᠭᠰᠡᠨ ᠬᠦᠪᠡᠭᠦᠨ︾ ᠭᠡᠬᠦ ᠦᠯᠢᠭᠡᠷ ᠤᠨ ᠲᠧᠺᠰᠲ ᠤᠨ ᠠᠭᠤᠯᠭ᠎ᠠ᠃      ᠭᠤᠷᠪᠠ᠂ ᠠᠮᠠᠨ ᠦᠯᠢᠭᠡᠷ ᠤᠨ ᠬᠡᠪ ᠰᠢᠨᠵᠢ ᠶᠢᠨ ᠵᠠᠳᠠᠯᠣᠯᠲᠠ      ᠣᠷᠣᠰ ᠤᠨ ᠪᠣᠷᠢᠶᠠᠳ ᠤᠨ ᠠᠮᠠᠨ ᠦᠯᠢᠭᠡᠷ ︽ᠴᠠᠭᠠᠨ ᠰᠢᠪᠠᠭᠤ ᠪᠠᠷ ᠭᠡᠷᠭᠡᠢ ᠪᠠᠨ ᠬᠢᠭᠰᠡᠨ ᠬᠦᠪᠡᠭᠦᠨ︾ ᠦᠯᠢᠭᠡᠷ ᠬᠢᠭᠡᠳ ᠪᠣᠷᠢᠶᠠᠳ ᠤᠨ ᠣᠭ ᠭᠠᠷᠣᠯ ᠤᠨ ᠳᠣᠮᠤᠭ ︽ᠬᠤᠷᠢᠯᠳᠠᠢ ᠮᠡᠷᠭᠡᠨ︾ ᠭᠡᠬᠦ ᠦᠯᠢᠭᠡᠷ ᠤᠨ ᠦᠢᠯᠡ ᠶᠠᠪᠣᠳᠠᠯ ᠢ ᠬᠠᠷᠢᠴᠠᠭᠤᠯᠬᠤ ᠪᠠᠷ ᠳᠠᠮᠵᠢᠨ᠂ ᠬᠤᠶᠠᠷ ᠦᠯᠢᠭᠡᠷ ᠤᠨ ᠦᠢᠯᠡ ᠶᠠᠪᠣᠳᠠᠯ ᠤᠨ ᠬᠡᠪ ᠰᠢᠨᠵᠢ ᠳᠤ ᠵᠠᠳᠣᠯᠣᠯᠲᠠ ᠬᠢᠭᠰᠡᠨ ᠶᠤᠮ᠃      ᠸ᠊ · ᠶ᠊ · · ᠫᠷᠦᠪ ᠶᠠᠪᠠᠭᠠᠨ ᠦᠯᠢᠭᠡᠷ ᠤᠨ ᠪᠦᠲᠦᠴᠡ ᠶᠢᠨ ᠬᠡᠯᠪᠡᠷᠢ ᠶᠢᠨ ᠣᠨᠴᠠᠯᠢᠭ ᠢ ᠳᠠᠷᠠᠭᠠᠬᠢ ᠳᠦᠷᠪᠡᠨ ᠲᠠᠯ᠎ᠠ ᠪᠠᠷ ᠬᠤᠷᠢᠶᠠᠩᠭᠤᠶᠢᠯᠠᠭᠰᠠᠨ ᠪᠠᠶᠢᠨ᠎ᠠ᠃      ⑴ ᠦᠯᠢᠭᠡᠷ ᠤᠨ ᠳᠣᠲᠣᠷᠠᠬᠢ ᠳᠦᠷᠢ ᠶᠢᠨ ᠦᠢᠯᠡᠳᠣᠯ ᠪᠣᠯ ᠶᠠᠪᠠᠭᠠᠨ ᠦᠯᠢᠭᠡᠷ ᠤᠨ ᠳᠣᠲᠣᠷᠠᠬᠢ ᠬᠡᠵᠢᠶ᠎ᠡ ᠴᠦ ᠬᠤᠪᠢᠷᠠᠳᠠᠭ ᠦᠭᠡᠢ ᠡᠯᠧᠮᠧᠨ᠋ᠲ ᠪᠣᠯᠬᠤ ᠶᠤᠮ᠃ ᠡᠳᠡᠭᠡᠷ ᠦᠢᠯᠡᠳᠣᠯ ᠢ ᠬᠡᠨ ᠢᠶᠠᠷ ᠪᠡᠶᠡᠯᠡᠭᠦᠯᠬᠦ ᠪᠣᠶᠦ ᠶᠠᠭᠠᠭᠢᠵᠦ ᠭᠦᠢᠴᠡᠳᠬᠡᠭᠰᠡᠨ ᠴᠦ ᠬᠤᠪᠢᠷᠠᠳᠠᠭ ᠦᠭᠡᠢ᠂ ᠦᠢᠯᠡᠳᠣᠯ ᠨᠢ ᠦᠯᠢᠭᠡᠷ ᠤᠨ ᠦᠨᠳᠦᠰᠦᠨ ᠪᠦᠷᠢᠯᠳᠣᠭᠦᠨ ᠬᠡᠰᠡᠭ ᠨᠢ ᠪᠣᠯᠳᠠᠭ᠃      ⑵ ᠦᠯᠢᠭᠡᠷ ᠤᠨ ᠳᠣᠲᠣᠷᠠᠬᠢ ᠨᠢᠭᠡᠨᠲᠡ ᠮᠡᠳᠡᠭᠳᠡᠭᠰᠡᠨ ᠦᠢᠯᠡᠳᠣᠯ ᠤᠨ ᠲᠤᠭ᠎ᠠ ᠨᠢ ᠬᠢᠵᠠᠭᠠᠠᠷ ᠦᠭᠡᠢ᠃ ᠦᠭᠡᠷ᠎ᠡ ᠪᠠᠷ ᠬᠡᠯᠡᠪᠡᠯ᠂ ᠦᠯᠢᠭᠡᠷ ᠤᠨ ᠦᠢᠯᠡ ᠶᠠᠪᠣᠳᠠᠯ ᠨᠢ ᠬᠢᠵᠠᠭᠠᠷ ᠲᠠᠢ ᠪᠠᠶᠢᠳᠠᠭ ᠭᠡᠰᠡᠨ ᠦᠭᠡ᠃      ⑶ ᠦᠯᠢᠭᠡᠷ ᠤᠨ ᠳᠣᠲᠣᠷᠠᠬᠢ ᠦᠢᠯᠡᠳᠣᠯ ᠤᠨ ᠳᠡᠰ ᠳᠠᠷᠠᠭᠠᠯᠠᠯ ᠨᠢ ᠠᠳᠠᠯᠢ᠃      ⑷ ᠪᠦᠳᠦᠴᠡ ᠶᠢᠨ ᠲᠠᠯ᠎ᠠ ᠠᠴᠠ ᠨᠢ ᠦᠵᠡᠬᠦ ᠳᠤ᠂ ᠪᠣᠢ ᠪᠦᠬᠦᠢ ᠶᠠᠪᠠᠭᠠᠨ ᠦᠯᠢᠭᠡᠷ ᠨᠢ ᠠᠳᠠᠯᠢ ᠨᠢᠭᠡᠨ ᠵᠦᠢᠯ ᠤᠨ ᠬᠡᠪ ᠰᠢᠨᠵᠢ ᠳᠤ ᠬᠠᠷᠢᠶᠠᠯᠠᠭᠳᠠᠳᠠᠭ ᠭᠡᠵᠦ ᠦᠵᠡᠭᠡᠳ ᠶᠠᠪᠠᠭᠠᠨ ᠦᠯᠢᠭᠡᠷ ᠤᠨ ᠦᠢᠯᠡ ᠶᠠᠪᠣᠳᠠᠯ ᠤᠨ ᠪᠦᠲᠦᠴᠡ ᠶᠢ ᠦᠯᠦ ᠬᠤᠪᠢᠷᠠᠬᠤ ᠬᠡᠰᠡᠭ ᠬᠢᠭᠡᠳ ᠬᠤᠪᠢᠷᠠᠳᠠᠭ ᠬᠡᠰᠡᠭ ᠭᠡᠵᠦ ᠬᠤᠶᠠᠷ ᠬᠡᠰᠡᠭ ᠲᠤ ᠬᠤᠪᠢᠶᠠᠭᠰᠠᠨ ᠪᠠᠶᠢᠨ᠎ᠠ᠃      ᠡᠨᠡ ᠣᠨᠴᠠᠯᠢᠭ ᠢ ᠦᠨᠳᠦᠰᠦᠯᠡᠨ ᠳᠡᠭᠡᠷᠡᠬᠢ ᠬᠤᠶᠠᠷ ᠦᠯᠢᠭᠡᠷ ᠲᠤ ᠵᠠᠳᠣᠯᠣᠯᠲᠠ ᠬᠢᠪᠡᠯ᠄      ᠨᠢᠭᠡ᠂ ᠬᠤᠶᠠᠷ ᠦᠯᠢᠭᠡᠷ ᠤᠨ ᠭᠤᠣᠯ ᠪᠠᠭᠠᠲᠣᠷ ᠨᠢ ᠵᠠᠯᠠᠭᠤᠬᠠᠨ ᠬᠦᠪᠡᠭᠦᠨ᠂ ᠠᠩ ᠠᠩᠨᠠᠯ ᠬᠢᠵᠦ ᠠᠵᠦ ᠲᠦᠷᠦᠵᠦ ᠠᠮᠢᠳᠣᠷᠠᠵᠦ ᠪᠠᠶᠢᠭᠰᠠᠨ ᠡᠭᠡᠯ ᠠᠷᠠᠳ ᠤᠨ ᠳᠦᠷᠢ᠃ ᠲᠡᠣᠬᠡᠨ ᠦᠨᠡᠨ᠂ ᠲᠣᠬᠠᠢ ᠶᠢᠨ ᠦᠶ᠎ᠡ ᠶᠢᠨ ᠬᠦᠮᠦᠰ ᠤᠨ ᠪᠤᠳᠤᠯ ᠰᠡᠳᠭᠢᠯᠬᠡ ᠶᠢ ᠢᠯᠡᠷᠡᠭᠦᠯᠵᠦ ᠴᠢᠳᠠᠵᠠᠢ᠃      ᠬᠤᠶᠠᠷ᠂ ᠦᠯᠢᠭᠡᠷ ᠤᠨ ᠦᠢᠯᠡ ᠶᠠᠪᠣᠳᠠᠯ ᠨᠢ ᠳᠡᠮᠡᠢ ᠶᠡᠭᠡ ᠬᠤᠪᠢᠷᠠᠯᠲᠠ ᠭᠠᠷᠣᠭᠰᠠᠨ ᠦᠭᠡᠢ᠃ ᠳᠡᠭᠷᠢ ᠶᠢᠨ ᠳᠠᠬᠢᠨᠢ᠂ ᠬᠦᠮᠦᠨ ᠤ ᠣᠷᠴᠢᠯᠠᠩ ᠳᠤ ᠪᠠᠭᠤᠨ᠂ ᠨᠠᠭᠤᠷ ᠲᠤ ᠪᠡᠶ᠎ᠡ ᠪᠠᠨ ᠣᠬᠢᠶᠠᠭᠰᠠᠨ ᠦᠢᠯᠡ ᠶᠠᠪᠣᠳᠠᠯ ᠨᠢ ᠬᠤᠪᠢᠷᠠᠭᠰᠠᠨ ᠦᠭᠡᠢ᠂ ᠦᠯᠢᠭᠡᠷ ᠤᠨ ᠬᠡᠪ ᠰᠢᠨᠵᠢ ᠪᠣᠯᠣᠭᠰᠠᠨ ᠪᠠᠶᠢᠨ᠎ᠠ᠃      ᠭᠤᠷᠪᠠ᠂ ᠦᠯᠢᠭᠡᠷ ᠤᠨ ᠦᠢᠯᠡᠳᠣᠯ ᠤᠨ ᠲᠠᠯ᠎ᠠ ᠪᠠᠷ ᠲᠣᠰ ᠦᠯᠢᠭᠡᠷ ᠨᠢ ᠠᠷᠠᠳ ᠲᠦᠮᠡᠨ ᠤ ᠵᠢᠷᠭᠠᠯᠲᠦ ᠠᠮᠢᠳᠣᠷᠠᠯ ᠢ ᠭᠥᠭᠡᠭᠡᠴᠡᠯᠳᠦᠬᠦ ᠣᠷᠮ᠎ᠠ ᠲᠠᠢ ᠪᠣᠯᠭᠠᠳᠠᠭ ᠪᠠᠶᠢᠨ᠎ᠠ᠃      ᠳᠦᠷᠪᠡ᠂ ᠪᠦᠲᠦᠴᠡ ᠤᠨ ᠲᠠᠯ᠎ᠠ ᠠᠴᠠ ᠨᠢ ᠠᠪᠴᠦ ᠬᠡᠯᠡᠪᠡᠯ᠂      ︽ᠴᠠᠭᠠᠨ ᠰᠢᠪᠠᠭᠤ ᠪᠠᠷ ᠭᠡᠷᠭᠡᠢ ᠬᠢᠭᠰᠡᠨ ᠬᠦᠪᠡᠭᠦᠨ︾ ᠭᠡᠬᠦ ᠦᠯᠢᠭᠡᠷ ᠤᠨ ᠦᠢᠯᠡ ᠶᠠᠪᠣᠳᠠᠯ ᠤᠨ ᠡᠬᠢᠨ ᠤ ᠬᠡᠰᠡᠭ ᠨᠢ ᠴᠠᠭᠠᠨ ᠰᠢᠪᠠᠭᠤ ᠨᠠᠭᠤᠷ ᠲᠤ ᠣᠷᠣᠨ ᠪᠡᠶ᠎ᠡ ᠪᠠᠨ ᠣᠬᠢᠶᠠᠭᠰᠠᠨ ᠦᠢᠯᠡ ᠶᠠᠪᠣᠳᠠᠯ ᠨᠢ ᠦᠯᠦ ᠬᠤᠪᠢᠷᠠᠬᠤ ᠬᠡᠰᠡᠭ ᠪᠣᠯᠣᠨ᠎ᠠ᠃ ᠰᠡᠭᠦᠯᠴᠢ ᠬᠡᠰᠡᠭ ᠤᠨ ᠦᠨᠦᠴᠢᠨ ᠬᠦᠪᠡᠭᠦᠨ ᠤ ᠭᠡᠷᠭᠡᠢ ᠪᠠᠨ ᠠᠪᠠᠭ᠋ᠠᠢ ᠬᠠᠭᠠᠨ ᠠᠴᠠ ᠪᠣᠯᠢᠶᠠᠵᠦ ᠠᠪᠣᠭᠠᠳ ᠦᠪᠡᠷ ᠢᠶᠠᠨ ᠬᠠᠭᠠᠨ ᠰᠠᠭᠤᠭᠰᠠᠨ ᠦᠢᠯᠡ ᠶᠠᠪᠣᠳᠠᠯ ᠨᠢ ᠬᠤᠪᠢᠷᠠᠳᠠᠭ ᠬᠡᠰᠡᠭ ᠪᠣᠯᠣᠨ᠎ᠠ᠃      ᠳᠡᠣᠬᠡᠨ ᠳᠣᠮᠤᠭ ᠨᠢ ᠠᠮᠠᠨ ᠤᠯᠠᠮᠵᠢᠯᠠᠯ ᠤᠨ ᠬᠡᠯᠪᠡᠷᠢ ᠪᠠᠷ ᠳᠠᠷᠬᠠᠵᠦ ᠢᠷᠡᠭᠰᠡᠨ ᠪᠤᠯᠪᠠᠴᠦ ᠲᠡᠷᠡ ᠨᠢ ᠦᠨᠡᠨ ᠬᠦᠮᠦᠨ᠂ ᠦᠨᠡᠨ ᠦᠢᠯᠡ ᠶᠠᠪᠤᠳᠠᠯ ᠠᠴᠠ ᠰᠡᠳᠦᠪᠯᠡᠵᠦ ᠵᠤᠬᠢᠬᠤ ᠬᠡᠮᠵᠢᠶᠡᠨ ᠤ ᠳᠡᠤᠬᠡᠨ ᠦᠨᠡᠨ ᠢ ᠬᠠᠷᠠᠭᠤᠯᠤᠭᠰᠠᠨ ᠪᠠᠶᠢᠳᠠᠭ᠃ ᠡᠨᠡ ᠨᠢ ᠭᠡᠳᠦ᠋ᠢᠪᠡᠷ ᠰᠣᠷᠪᠤᠯᠵᠢ ᠪᠢᠴᠢᠭ ᠤᠨ ᠳᠡᠮᠳᠡᠭᠯᠡᠯ ᠪᠢᠰᠢ ᠪᠤᠯᠪᠠᠴᠦ ᠤᠯᠠᠮᠵᠢᠯᠠᠭᠴᠢ ᠠᠴᠠ ᠠᠷᠠᠳ ᠳᠦᠮᠡᠨ ᠤ ᠰᠡᠳᠭᠢᠯ ᠤᠨ ᠦᠨᠡᠨ ᠢ ᠳᠣᠰᠬᠠᠭᠰᠠᠨ ᠠᠮᠠᠨ ᠳᠡᠤᠬᠡ ᠮᠦᠨ᠃      ᠡᠶᠢᠮᠦ ᠠᠴᠠ ︽ᠴᠠᠭᠠᠨ ᠰᠢᠪᠠᠭᠤ ᠪᠠᠷ ᠭᠡᠷᠭᠡᠢ ᠬᠢᠭᠰᠡᠨ ᠬᠦᠪᠡᠭᠦᠨ︾ ᠬᠢᠭᠡᠳ ︽ᠬᠤᠷᠢᠯᠳᠠᠢ ᠮᠡᠷᠭᠡᠨ︾ ᠳᠡᠣᠬᠡ ᠲᠠᠢ ᠬᠠᠷᠢᠴᠠᠭᠤᠯᠵᠦ ᠰᠣᠳᠣᠯᠵᠦ᠂ ᠳᠣᠮᠤᠭ ᠪᠠ ᠳᠡᠤᠬᠡ ᠶᠢᠨ ᠬᠠᠷᠢᠴᠠᠭ᠎ᠠ ᠬᠤᠯᠪᠤᠭ᠎ᠠ ᠶᠢ ᠮᠡᠳᠡᠵᠦ ᠪᠤᠯᠬᠤ ᠶᠢᠨ ᠣᠯᠠᠮ ᠠᠴᠠ ᠳᠣᠮᠤᠭ ᠲᠤ ᠬᠤᠯᠪᠤᠭᠳᠠᠬᠤ ᠴᠠᠭ ᠦᠶ᠎ᠡ᠂ ᠨᠡᠶᠢᠬᠡᠮ ᠤᠨ ᠪᠠᠶᠢᠳᠠᠯ ᠵᠢᠴᠢ ᠬᠦᠮᠦᠰ ᠤᠨ ᠪᠤᠳᠤᠯ ᠰᠡᠳᠭᠢᠯᠬᠡ ᠶᠢ ᠨᠡᠩ ᠨᠠᠷᠢᠯᠢᠭ ᠤᠶᠢᠯᠠᠭᠠᠵᠦ ᠴᠢᠳᠠᠨ᠎ᠠ᠃ ︽ᠬᠤᠷᠢᠯᠳᠠᠢ ᠮᠡᠷᠭᠡᠨ︾ ᠭᠡᠬᠦ ᠦᠯᠢᠭᠡᠷ ᠠᠯᠢ ᠡᠷᠲᠡ ᠠᠴᠠ ᠪᠣᠷᠢᠶᠠᠳ ᠠᠷᠠᠳ ᠤᠨ ᠳᠣᠮᠳᠠ ᠦᠶ᠎ᠡ ᠶᠢᠨ ᠦᠶ᠎ᠡ ᠣᠯᠠᠮᠵᠢᠯᠠᠭᠳᠠᠵᠦ ᠢᠷᠡᠭᠰᠡᠨ ᠦᠯᠢᠭᠡᠷ ᠶᠣᠮ᠃ ᠮᠦᠨ ᠴᠦ ᠪᠣᠷᠢᠶᠠᠳ ᠤᠨ ᠣᠭ ᠭᠠᠷᠣᠯ ᠤᠨ ᠲᠣᠬᠠᠢ ᠳᠣᠮᠤᠭ ᠭᠡᠵᠦ ᠬᠡᠯᠡᠳᠡᠭ᠃ ᠳᠡᠭᠡᠷᠡᠬᠢ ︽ᠬᠤᠷᠢᠯᠳᠠᠢ ᠮᠡᠷᠭᠡᠨ︾ ᠭᠡᠬᠦ ᠦᠯᠢᠭᠡᠷ ᠳᠣᠲᠣᠷᠠᠬᠢ ᠬᠤᠨ ᠳᠡᠪᠡᠯ ᠲᠠᠢ ᠡᠬᠡᠨᠡᠷ ᠢ ᠠᠪᠤᠭᠴᠢ ᠠᠷᠪᠠᠨ ᠨᠢᠬᠡᠨ ᠬᠦᠪᠡᠬᠦᠨ ᠲᠠᠢ ᠪᠤᠯᠤᠭᠰᠠᠨ ᠬᠤᠷᠢᠯᠳᠠᠢ ᠭᠡᠭᠴᠢ ᠪᠤᠯ ᠪᠠᠷᠭᠤᠵᠢᠨ ᠲᠦᠬᠦᠮ ᠨᠤᠳᠤᠭ ᠲᠠᠢ ᠪᠠᠷᠭᠠᠳᠠᠢ ᠮᠡᠷᠭᠡᠨ ᠤ ᠦᠬᠢᠨ ᠪᠠᠷᠭᠤᠵᠢᠨ ᠭᠤᠸ᠎ᠠ ᠡᠬᠡᠨᠡᠷ ᠲᠠᠢ ᠬᠦᠮᠦᠨ ᠪᠠᠶᠢᠭ᠎ᠠ ᠶᠣᠮ᠃ ᠪᠠᠷᠭᠤᠵᠢᠨ ᠳᠦᠮᠡᠳ ᠪᠤᠯᠤᠭᠠᠳ᠂ ᠬᠤᠷᠢ ᠳᠦᠮᠡᠳ ᠤᠨ ᠨᠤᠶᠠᠨ ᠬᠤᠷᠢᠯᠳᠠᠢ ᠮᠡᠷᠭᠡᠨ ᠭᠡᠭᠴᠢ ᠬᠦᠮᠦᠨ ᠪᠠᠶᠢᠭ᠎ᠠ ᠶᠤᠮ᠃ ᠲᠡᠷᠡ ᠬᠦᠮᠦᠨ ᠬᠤᠷᠢᠯᠳᠠᠢ ᠮᠡᠷᠭᠡᠨ ᠭᠡᠵᠦ ᠨᠡᠷᠡᠳᠡᠢ᠃ ᠳᠡᠭᠡᠭᠡᠳ ᠬᠤᠨ ᠳᠡᠪᠡᠯ ᠲᠠᠢ ᠡᠬᠡᠨᠡᠷ ᠨᠢ ᠪᠤᠯᠪᠠᠯ ᠲᠡᠷᠡ ᠪᠠᠷᠭᠤᠵᠢᠨ ᠭᠤᠸ᠎ᠠ ᠪᠤᠯᠵᠦ ᠪᠠᠶᠢᠨ᠎ᠠ ᠭᠡᠵᠦ ᠡᠨᠡ ᠠᠷᠪᠠᠨ ᠨᠢᠭᠡᠨ ᠣᠪᠣᠭ ᠤᠨ ᠬᠦᠪᠡᠭᠦᠳ ᠢ ᠨᠢ ᠬᠤᠷᠢ ᠶᠢᠨ ᠠᠷᠪᠠᠨ ᠨᠢᠭᠡᠨ ᠣᠪᠣᠭᠲᠠᠨ ᠪᠣᠯᠣᠨ᠎ᠠ ᠭᠡᠵᠦ ᠣᠶᠢᠯᠠᠭᠠᠳᠠᠭ ᠬᠦᠮᠦᠨ ᠪᠤᠢ᠃      ᠬᠤᠷᠢᠯᠳᠠᠢ ᠮᠡᠷᠭᠡᠨ ᠤ ᠨᠣᠳᠤᠭ ᠲᠤ ᠪᠠᠳᠠᠨ ᠶᠠᠸ᠎ᠠ ᠭᠡᠭᠴᠢ ᠪᠤᠯ ᠬᠤᠷᠢ ᠳᠦᠮᠡᠳ ᠤᠨ ᠨᠤᠳᠤᠭ ᠲᠤ ᠪᠠᠶᠢᠭᠰᠠᠨ᠃ ᠳᠡᠤᠬᠡ ᠳᠤ ᠬᠤᠷᠢ ᠳᠦᠮᠡᠳ ᠪᠤᠷᠢᠶᠠᠳᠠᠢ ᠣᠭ ᠭᠡᠰᠡᠨ ᠢᠶᠠᠷ ᠢᠯᠡᠷᠬᠡᠢ ᠶᠤᠮ ᠯᠠ ᠳ᠋ᠠ᠃ ᠪᠠᠶᠢᠭᠠᠯ᠂ ᠭᠦᠪᠰᠦᠭᠦᠯ᠂ ᠠᠶᠡᠰᠡ᠂ ᠣᠣᠪᠢ᠂ ᠠᠯᠳᠠᠢ ᠬᠤᠶᠢᠰᠢᠬᠢ ᠡᠨᠡ ᠨᠤᠳᠤᠭ ᠲᠤ ᠪᠠᠳᠠᠨ ᠣᠯᠣᠰ ᠶᠤᠮ ᠤᠤ ᠪᠠᠳᠠ ᠶᠠᠸ᠎ᠠ ᠭᠡᠳᠡᠭ ᠨᠤᠳᠤᠭ ᠪᠠᠶᠢᠭᠰᠠᠨ ᠪᠠᠶᠢᠬᠤ ᠭᠡᠵᠦ ᠰᠠᠨᠠᠭᠳᠠᠳᠠᠭ ᠶᠤᠮ᠃ ᠳᠡᠭᠡᠬᠦ ᠳᠤ ᠴᠢᠩᠭᠢᠰ ᠠᠴᠠ ᠣᠷᠣᠭᠰᠢᠬᠢ 12-14 ᠳ᠋ᠦ᠋ᠭᠡᠷ ᠦᠶ᠎ᠡ ᠶᠢᠨ ᠡᠪᠦᠭᠡ ᠡᠴᠢᠭᠡ ᠤᠳ ᠤᠨ ᠦᠶ᠎ᠡ ᠠᠴᠠ ᠰᠠᠯᠠᠲᠠᠷ ᠰᠠᠯᠠᠭ᠎ᠠ ᠪᠤᠯᠬᠤ ᠳᠤ ᠨᠢ᠂ ᠪᠤᠷᠵᠢᠭᠢᠨ᠂ ᠬᠠᠳᠠᠬᠢᠨ ᠪᠤᠯᠤᠭᠠᠳ᠂ ᠪᠠᠰᠠ ᠳᠣᠸᠠ ᠰᠣᠬᠤᠷ ᠤᠨ ᠲᠦᠷᠪᠡᠨ ᠬᠦᠦ ᠤᠮᠤᠭ᠂ ᠲᠦᠷᠪᠡᠨ ᠳᠦᠮᠡᠳ ᠶᠤᠮ ᠤᠤ︖ ᠲᠦᠷᠪᠡᠨ ᠦᠨᠳᠦᠰᠦᠳᠡᠨ ᠪᠠᠷᠠᠭᠤᠨ ᠮᠤᠩᠭᠤᠯ ᠳᠤ ᠪᠠᠶᠢᠨ᠎ᠠ᠃ ᠳᠡᠭᠡᠬᠦ ᠳᠤ ᠪᠠᠷᠭᠤᠵᠢᠨ ᠳᠦᠮᠡᠳ᠂ ᠬᠤᠷᠢ ᠲᠦᠮᠡᠳ ᠡᠨᠡ ᠨᠤᠳᠤᠭ ᠲᠤ ᠪᠤᠯᠪᠠᠯ ᠲᠡᠳᠡ ᠬᠤᠶᠠᠷ ᠤᠨ ᠬᠠᠮᠳᠣ ‍ᠦ᠋ᠢᠷᠠᠯᠴᠠᠭ᠎ᠠ ᠬᠠᠷᠢᠴᠠᠭ᠎ᠠ ᠲᠠᠢ ᠪᠠᠶᠢᠭᠰᠠᠨ ᠪᠠᠶᠢᠬᠤ ᠶᠤᠰᠣᠳᠠᠢ ᠭᠡᠵᠦ ᠰᠠᠨᠠᠭᠳᠠᠳᠠᠭ ᠶᠤᠮ᠃ ᠲᠡᠳᠡᠨᠠᠷ ᠬᠤᠳᠠ ᠤᠷᠤᠭ ᠤᠨ ᠬᠤᠯᠪᠤᠭ᠎ᠠ ᠲᠠᠢ ᠪᠠᠶᠢᠭᠰᠠᠨ᠂ ᠬᠤᠨ ᠳᠡᠪᠡᠯ ᠲᠠᠢ ᠪᠠᠷᠭᠤᠵᠢᠨ ᠭᠤᠸ᠎ᠠ ᠬᠠᠳᠣᠨ ᠠᠴᠠ ᠭᠠᠷᠣᠭᠰᠠᠨ᠂ ᠡᠯᠢᠶᠡᠨ ᠭᠤᠸ᠎ᠠ ᠳᠣᠸ᠎ᠠ ᠰᠣᠬᠤᠷ ᠤᠨ ᠳᠡᠭᠦᠦ ᠳᠣᠪᠤ ᠮᠡᠷᠭᠡᠨ ᠳᠤ ᠣᠴᠢᠵᠦ᠂ ᠲᠡᠬᠦᠨ ᠠᠴᠠ ᠭᠠᠷᠣᠭᠰᠠᠨ ᠠᠴᠢ ᠨᠠᠷ ᠨᠢ ᠪᠤᠯ ᠪᠤᠷᠵᠢᠬᠢᠨ ᠤᠪᠤᠭ ᠤᠨ ᠬᠢᠨ᠂ ᠬᠠᠳᠠᠭᠢᠨ ᠤᠪᠤᠭ ᠤᠨ ᠬᠢᠨ ᠪᠤᠯᠤᠭᠰᠠᠨ ᠪᠠᠶᠢᠨ᠎ᠠ᠃ ᠳᠡᠭᠡᠬᠦ ᠳᠤ ᠡᠳᠡᠨ ᠤ ᠨᠠᠭᠠᠴᠦ ᠨᠠᠷ ᠨᠢ ᠬᠤᠷᠢ ᠳᠦᠮᠡᠳ ᠪᠤᠯᠳᠠᠭ ᠪᠠᠶᠢᠭ᠎ᠠ ᠶᠤᠮ᠃ ᠳᠡᠭᠡᠬᠦ ᠳᠤ ᠳᠦᠮᠡᠳ ᠭᠡᠬᠦ ᠦᠭᠡ ᠠᠳᠡ ᠶᠠᠭᠠᠬᠢᠭᠠᠳ ᠣᠷᠣᠵᠦ ᠪᠠᠶᠢᠨᠠᠪ ᠭᠡᠬᠦ ᠳᠤ᠄ ᠲᠦᠷᠪᠡᠨ ᠳᠦᠮᠡ ᠣᠶᠢᠷ᠎ᠠ ᠨᠢ ᠭᠡᠬᠦ ᠶᠤᠮ᠃ ᠣᠷᠢᠶᠠᠩᠬᠠᠢ ᠲᠦᠮᠡᠳ᠂ ᠪᠠᠷᠭᠤᠵᠢᠨ ᠳᠦᠮᠡᠳ᠂ ᠬᠤᠷᠢ ᠳᠦᠮᠡᠳ ᠭᠡᠳᠡᠭ ᠣᠯᠠᠨ ᠳᠦᠮᠡᠨ ᠳᠤᠭ᠎ᠠ ᠦᠭᠡᠢ ᠨᠡᠷ᠎ᠡ᠂ ᠳᠡᠭᠡᠭᠡᠳ ᠤᠯᠠᠨ ᠢ ᠨᠢ ᠵᠢᠭᠠᠵᠦ ᠳᠦᠮᠡᠳ ᠭᠡᠰᠡᠨ ᠢᠶᠠᠷ ᠨᠡᠷ᠎ᠡ ᠴᠦ ᠨᠡᠷᠡᠯᠡᠭᠳᠡᠵᠦ ᠶᠠᠪᠤᠭ᠎ᠠ ᠶᠤᠮ ᠭᠡᠵᠦ ᠰᠠᠨᠠᠭᠳᠠᠳᠠᠭ᠃ ᠪᠠᠷᠭᠤᠵᠢᠨ ᠭᠤᠸ᠎ᠠ ᠠᠴᠠ ᠭᠠᠷᠣᠭᠰᠠᠨ ᠡᠯᠢᠶᠡᠨ ᠭᠤᠸ᠎ᠠ ᠭᠡᠭᠴᠢ ᠶᠢ ᠵᠠᠷᠢᠮ ᠬᠦᠮᠦᠨ ᠨᠤᠮ ᠰᠣᠳᠣᠷ ᠳᠡᠭᠡᠷ᠎ᠡ ᠪᠢᠴᠢᠬᠦ ᠳᠤ ᠪᠠᠨ ᠠᠯᠤᠨ ᠭᠤᠸ᠎ᠠ ᠬᠠᠳᠤᠨ ᠭᠡᠵᠦ ᠪᠢᠴᠢᠳᠡᠭ ᠶᠤᠮ᠃ ᠡᠬᠦᠨ ᠢ ᠳᠦᠪᠡᠳ ᠢᠶᠠᠷ ᠵᠠᠷᠢᠮ ᠬᠦᠮᠦᠨ ᠤ ᠳᠡᠮᠳᠡᠭᠯᠡᠭᠰᠡᠨ ᠢ ᠦᠵᠡᠬᠦ ᠳᠤ᠂ ᠠᠷᠭ᠎ᠠ ᠦᠭᠡᠢ ᠡᠯᠢᠶᠡᠨ ᠭᠤᠸ᠎ᠠ ᠭᠡᠵᠦ ᠪᠢᠴᠢᠵᠦ ᠪᠠᠶᠢᠬᠤ ᠶᠤᠮ᠃      ᠠᠮᠠᠨ ᠦᠯᠢᠭᠡᠷ ᠨᠢ ᠵᠣᠬᠢᠬᠤ ᠲᠡᠣᠬᠡᠨ ᠣᠶᠢᠯᠡ ᠶᠠᠪᠣᠳᠠᠯ ᠢ ᠢᠯᠡᠷᠡᠭᠦᠯᠡᠭᠰᠡᠨ ᠪᠠᠶᠢᠳᠠᠭ᠃ ᠮᠦᠨ ᠴᠦ ᠲᠣᠰ ᠣᠭᠰᠠᠭ᠎ᠠ ᠦᠨᠳᠦᠰᠦᠲᠡᠨ ᠤ ᠰᠣᠶᠣᠯ ᠤᠨ ᠦᠪᠡᠷᠮᠢᠴᠡ ᠲᠠᠯ᠎ᠠ ᠶᠢ ᠢᠯᠡᠷᠡᠭᠦᠯᠵᠦ ᠴᠢᠳᠠᠳᠠᠭ᠃ ᠵᠢᠱᠢᠶᠡᠯᠡᠪᠡᠯ᠄ ︿ᠪᠠᠭᠠᠳᠣᠷ ᠵᠤᠷᠢᠭ ᠲᠠᠢ᠂ ᠪᠠᠷᠰ ᠤᠨ ᠬᠦᠴᠦ ᠲᠠᠢ᠂ ᠪᠤᠯᠠᠭᠠᠨ ᠳᠠᠬᠤ ᠲᠠᠢ᠂ ᠪᠤᠯᠠᠶᠢᠬᠠᠨ ︵ᠠᠮᠦᠷ ᠦᠭᠡᠢ︶ ᠬᠦᠪᠡᠬᠦᠨ ᠪᠠᠶᠢᠭᠰᠠᠨ﹀ ᠭᠡᠰᠡᠨ ᠨᠢ ᠪᠣᠷᠢᠶᠠᠳ ᠮᠣᠩᠭᠤᠯᠴᠣᠳ ᠤᠨ ᠦᠪᠡᠷᠮᠢᠴᠡ ᠣᠨᠴᠠᠯᠢᠭ ᠢ ᠬᠠᠷᠠᠭᠤᠯᠵᠠᠢ᠃ ᠲᠣᠰ ᠬᠤᠶᠠᠷ ᠦᠯᠢᠭᠡᠷ ᠤᠨ ᠬᠡᠪ ᠰᠢᠨᠵᠢ ᠲᠠᠢ ᠦᠯᠢᠭᠡᠷ ᠦᠭᠡᠷ᠎ᠡ ᠪᠣᠰᠣᠳ ᠣᠭᠰᠠᠭ᠎ᠠ ᠦᠨᠳᠦᠰᠦᠲᠡᠨ ᠳᠤ ᠪᠠᠰᠠ ᠪᠠᠶᠢᠳᠠᠭ ᠶᠤᠮ᠃ ᠵᠢᠱᠢᠶᠡᠯᠡᠪᠡᠯ᠄ ᠬᠢᠲᠠᠳ ᠦᠨᠳᠦᠰᠦᠲᠡᠨ ᠤ ︽ᠦᠭᠡᠷᠴᠢᠨ ᠬᠦᠪᠡᠬᠦᠨ ᠨᠡᠭᠡᠮᠡᠯᠴᠢᠨ ᠦᠬᠢᠨ︾᠂ ᠮᠠᠨᠵᠦ ᠦᠨᠳᠦᠰᠦᠲᠡᠨ ᠤ ︽ᠨᠤᠤᠰᠤᠨ ᠬᠤᠪᠴᠠᠰᠤᠳᠦ ᠦᠬᠢᠨ︾᠂ ᠠᠷᠠᠪ ᠤᠨ ︽ᠬᠤᠨ ᠲᠠᠬᠢᠨᠢ︾ ᠭᠡᠬᠦ ᠮᠡᠳᠦ ᠪᠠᠷ ᠣᠯᠠᠨ ᠪᠠᠶᠢᠳᠠᠭ᠃ ᠡᠭᠦᠨ ᠠᠴᠠ ᠦᠵᠡᠬᠦ ᠳᠤ᠂︽ᠴᠠᠭᠠᠨ ᠰᠢᠪᠠᠭᠤ ᠪᠠᠷ ᠭᠡᠷᠭᠡᠢ ᠬᠢᠭᠰᠡᠨ ᠬᠦᠪᠡᠭᠦᠨ︾ ᠬᠢᠭᠡᠳ ︽ᠬᠤᠷᠢᠯᠳᠠᠢ ᠮᠡᠷᠭᠡᠨ︾ ᠭᠡᠬᠦ ᠬᠤᠶᠠᠷ ᠦᠯᠢᠭᠡᠷ ᠤᠨ ᠬᠡᠪ ᠰᠢᠨᠵᠢ ᠲᠠᠢ ᠦᠯᠢᠭᠡᠷ ᠭᠠᠭᠴᠠ ᠮᠣᠩᠭᠤᠯ ︵ᠪᠣᠷᠢᠶᠠᠳ︶ ᠳᠤ ᠪᠠᠶᠢᠬᠤ ᠪᠢᠰᠢ᠂ ᠬᠠᠷᠢᠨ ᠪᠦᠬᠦ᠋ᠢᠯᠡ ᠠᠽᠢᠶ᠎ᠠ ᠲᠢᠪ ᠤᠨ ᠡᠯ᠎ᠡ ᠭᠠᠵᠠᠷ ᠲᠤ ᠲᠠᠷᠬᠠᠵᠦ ᠳᠡᠯᠭᠡᠷᠡᠵᠦ᠂ ᠶᠠᠪᠠᠭᠠᠨ ᠦᠯᠢᠭᠡᠷ ᠤᠨ ᠨᠡᠶᠢᠲᠡᠯᠢᠭ ᠰᠢᠨᠵᠢ ᠪᠠᠨ ᠬᠠᠳᠠᠭᠠᠯᠠᠵᠦ ᠠᠷᠠᠳ ᠤᠨ ᠳᠣᠮᠳᠠ ᠣᠯᠠᠮᠵᠢᠯᠠᠵᠦ ᠢᠷᠡᠭᠰᠡᠨ ᠢ ᠨᠢ ᠠᠽᠢᠶ᠎ᠠ ᠲᠢᠪ ᠤᠨ ᠦᠨᠳᠦᠰᠦᠲᠡᠨ ᠤ ᠰᠣᠶᠣᠯ ᠤᠨ ᠨᠡᠶᠢᠲᠡᠯᠢᠭ ᠰᠢᠨᠵᠢ ᠠᠴᠠ ᠣᠶᠢᠯᠠᠭᠠᠵᠦ ᠮᠡᠳᠡᠵᠦ ᠪᠣᠯᠣᠨ᠎ᠠ᠃ ᠡᠨᠡ ᠨᠢ ᠠᠮᠠᠨ ᠵᠣᠬᠢᠶᠠᠯ ᠤᠨ ᠬᠡᠪ ᠰᠢᠨᠵᠢ ᠶᠢᠨ ᠰᠢᠰᠲ᠋ᠧᠮ ᠢ ᠪᠠᠶᠢᠭᠤᠯᠬᠤ ᠳᠤ ᠴᠢᠬᠤᠯᠠ ᠦᠢᠯᠡᠳᠣᠯ ᠲᠠᠢ ᠶᠣᠮ᠃ ᠲᠣᠰ ᠰᠢᠨᠵᠢᠯᠡᠯ ᠢ ᠦᠷᠭᠦᠯᠵᠢᠯᠡᠭᠦᠯᠬᠦ ᠬᠡᠷᠡᠭᠲᠡᠢ᠂ ᠠᠳᠡ ᠵᠢᠭᠠᠨᠬᠠᠨ ᠬᠦᠴᠣ ᠪᠠᠨ ᠴᠦ ᠭᠡᠰᠡᠨ ᠡᠷᠭᠦᠨᠡᠮ︕      ᠬᠠᠮᠤᠭ ᠰᠡᠭᠦᠯ ᠳᠤ᠂ ᠠᠩᠬ᠎ᠠ ᠡᠷᠳᠡᠮ ᠰᠢᠨᠵᠢᠯᠡᠭᠡᠨ ᠤ ᠮᠦᠷ ᠬᠦᠭᠡᠭᠡᠵᠦ ᠪᠠᠶᠢᠭ᠎ᠠ ᠮᠢᠨᠦ ᠮᠡᠳᠡᠯᠭᠡ ᠮᠡᠬᠦᠰ ᠴᠢᠳᠠᠪᠣᠷᠢ ᠬᠢᠵᠠᠭᠠᠷ ᠲᠠᠢ ᠲᠤᠯᠠ ᠦᠴᠦᠬᠡᠨ ᠪᠦᠲᠦᠭᠡᠯ ᠳᠤ ᠠᠯᠳᠠᠭ᠎ᠠ ᠪᠣᠷᠣᠭᠤ᠂ ᠵᠠᠰᠠᠪᠣᠷᠢᠯᠠᠬᠤ ᠵᠦᠢᠯ ᠣᠯᠠᠨ ᠪᠠᠶᠢᠨ᠎ᠠ᠃ ᠠᠳᠡ ᠦᠷᠭᠡᠨ ᠣᠯᠠᠨ ᠡᠷᠳᠡᠮᠲᠡᠨ ᠰᠣᠳᠣᠯᠭᠠᠲᠠᠨ ᠰᠠᠨᠠᠯ ᠵᠦᠪᠯᠡᠯᠭᠡ ᠪᠤᠯᠤᠨ ᠰᠢᠬᠦᠮᠵᠢ ᠢᠷᠡᠭᠦᠯᠬᠦ ᠪᠣᠯᠪᠠᠣ︕      ᠠᠰᠢᠭᠯᠠᠭᠰᠠᠨ ᠨᠣᠮ ᠮᠠᠲ᠋ᠧᠷᠢᠶᠠᠯ᠄      ﹇1﹈ ᠰᠡᠴᠡᠨᠮᠦ᠋ᠩᠬᠡ᠂ ᠰᠠᠷᠠᠨᠲᠣᠶᠠᠭ᠎ᠠ ︽ᠮᠣᠩᠭᠤᠯ ᠠᠷᠠᠳ ᠤᠨ ᠶᠠᠪᠠᠭᠠᠨ ᠦᠯᠢᠭᠡᠷ ᠤᠨ ᠬᠡᠪ ᠰᠢᠨᠵᠢ ᠶᠢᠨ ᠰᠣᠳᠣᠯᠭᠠᠨ ᠤ ᠣᠳᠣᠷᠢᠳᠬᠠᠯ︾᠂ ᠦᠨᠳᠦᠰᠦᠲᠡᠨ ᠤ ᠬᠡᠪᠯᠡᠯ ᠤᠨ ᠬᠤᠷᠢᠶ᠎ᠠ᠂ 2010 ᠣᠨ᠃      ﹇2﹈ ᠳᠣᠪᠠ ᠶᠢᠨ ᠲᠡᠭᠦᠯᠳᠡᠷ ︽ᠬᠤᠷᠢ ᠬᠢᠭᠡᠳ ᠠᠬᠤᠶᠢᠨ ︵ᠠᠭ᠎ᠠ ᠶᠢᠨ︶ ᠪᠣᠷᠢᠶᠠᠳ ᠨᠠᠷ ᠤᠨ ᠣᠷᠢᠲᠠ ᠳᠠᠭᠠᠨ ᠪᠣᠯᠣᠭᠰᠠᠨ ᠠᠨᠦ︾᠂ 1863 ᠣᠨ᠃      ﹇3﹈ ᠬᠤᠸᠠᠰᠠᠢ· ᠠ᠊᠂ ᠪᠠᠳᠮᠠᠴᠡᠷᠡᠨ ︽ᠰᠢᠨᠡᠬᠡᠨ ᠪᠣᠷᠢᠶᠠᠳ ᠮᠣᠩᠭᠤᠯᠴᠣᠳ ᠤᠨ ᠲᠡᠣᠬᠡ ᠪᠠ ᠰᠣᠶᠣᠯ︾ ᠦᠪᠦᠷ ᠮᠣᠩᠭᠤᠯ ᠤᠨ ᠬᠡᠪᠯᠡᠯ ᠤᠨ ᠪᠦᠯᠦᠭᠯᠡᠯ᠂ 2014 ᠣᠨ᠃      ﹇4﹈ ︽ᠪᠤᠷᠢᠶᠠᠳ ᠠᠷᠠᠳ ᠤᠨ ᠤᠨᠲᠤᠬᠤᠨᠤᠳ᠂ ᠰᠢᠳᠢᠳᠦ ᠤᠨᠳᠤᠬᠤᠨᠤᠳ ︵ᠦᠯᠢᠭᠡᠷ︶︾ ᠡᠷᠳᠡᠮ ᠬᠡᠪᠯᠡᠯ ᠤᠨ ᠬᠤᠷᠢᠶ᠎ᠠ ᠨᠤᠸᠣᠰᠢᠪᠢᠷᠰᠺ ᠬᠤᠳᠠ      ﹇5﹈ ᠪᠠᠶᠠᠷ᠄︽ᠮᠤᠩᠭᠤᠯ ᠤᠨ ᠨᠢᠭᠤᠴᠠ ᠳᠣᠪᠴᠢᠶᠠᠨ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1980 ᠤᠨ᠃      ﹇6﹈ ᠨᠠᠰᠦᠬᠤᠢᠯᠵᠠᠢ᠂ ᠪᠢᠯᠢᠭ᠄ ︽ᠪᠣᠷᠢᠶᠠᠳ ᠤᠨ ᠲᠡᠣᠬᠡᠨ ᠰᠣᠷᠪᠣᠯᠵᠢ ᠪᠢᠴᠢᠭ︾ ᠦᠪᠦᠷ ᠮᠤᠩᠭᠤᠯ ᠤᠨ ᠰᠣᠶᠣᠯ ᠤᠨ ᠬᠡᠪᠯᠡᠯ ᠤᠨ ᠬᠤᠷᠢᠶ᠎ᠠ᠂ 1999 ᠣᠨ᠃      ﹇7﹈ ︵ᠮᠤᠩᠭᠤᠯ︶ ᠲ᠊· ᠭᠠᠯᠰᠠᠩ᠄︽ᠪᠤᠷᠢᠶᠠᠳ ᠤᠨ ᠢᠵᠠᠭᠤᠷ ᠳᠣᠮᠤᠭ ᠤᠨ ᠳᠣᠪᠴᠢᠶᠠᠨ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2013 ᠤᠨ᠃      ﹇8﹈ 陈建宪 , ︽论中国天鹅仙女故事的类型︾ , 2015年᠃      ﹇9﹈ ᠪᠤᠤ ᠰᠢ ︽ᠮᠤᠩᠭᠤᠯ ᠤᠪᠤᠭ ᠤᠨ ᠤᠴᠢᠷ︾᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2002 ᠤᠨ᠃      ﹇10﹈ ᠱᠠᠭᠳᠠᠷ ᠤᠨ ᠰᠤᠩᠳᠤᠢ ︽ᠡᠷᠲᠡᠨ ᠤ ᠪᠠᠷᠭᠤ ᠶᠠᠰᠤᠲᠠᠨ︾᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ 2005 ᠤᠨ᠃      ﹇11﹈ ᠰᠠᠭᠠᠩ ᠰᠡᠴᠡᠨ ︽ᠡᠷᠳᠡᠨᠢ ᠶᠢᠨ ᠲᠤᠪᠴᠢ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1981 ᠤᠨ᠃      ﹇12﹈ ᠲᠦᠪᠰᠢᠨᠢᠮ᠎ᠠ᠂ ᠠᠪᠢᠳᠠ ᠨᠠᠷ᠂ ︽ᠬᠦᠯᠣᠨ ᠪᠤᠶᠢᠷ ᠤᠨ ᠪᠠᠷᠭᠤ ᠪᠣᠷᠢᠶᠠᠳ ᠥᠭᠡᠯᠡᠳ ᠤᠨ ᠲᠡᠣᠬᠡᠨ ᠢᠷᠡᠯᠲᠡ︾ ᠦᠪᠦᠷ ᠮᠣᠩᠭᠤᠯ ᠤᠨ ᠬᠡᠪᠯᠡᠯ ᠤᠨ ᠪᠦᠯᠦᠭᠯᠡᠯ᠂ 2013 ᠣᠨ᠃        ﹇13﹈ ᠴᠠᠩᠲᠤ ᠶᠢᠨ ᠳᠠᠮᠳᠢᠨᠰᠦᠷᠦᠩ᠄︽ᠮᠤᠩᠭᠤᠯ ᠤᠨ ᠨᠢᠭᠤᠴᠠ ᠲᠤᠪᠴᠢᠶᠠᠨ︾᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2007 ᠤᠨ᠃      ﹇14﹈ ︽ᠮᠤᠩᠭᠤᠯ ᠤᠨ ᠨᠢᠭᠤᠴᠠ ᠲᠤᠪᠴᠢᠶᠠᠨ︾ ᠤ ᠰᠤᠳᠤᠯᠭᠠᠨ᠂ ᠦᠪᠦᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1991 ᠤᠨ᠃
 
ᠢᠷᠡᠯᠲᠡ᠄ ᠬᠦᠯᠦᠨ ᠪᠤᠶᠢᠷ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号