ᠲᠡᠮᠡᠭᠡᠨ ᠤ ᠡᠭᠦᠰᠦᠯ ᠭᠠᠷᠤᠯ
ᠨᠡᠶᠢᠲᠡᠯᠡᠭᠰᠡᠨ ᠴᠠᠭ᠄
2019/4/3
     ᠲᠡᠮᠡᠭᠡ ᠪᠣᠯ ᠰᠡᠭᠡᠷᠳᠡᠨ ᠤ ᠠᠶᠢᠮᠠᠭ ᠤᠨ ᠬᠦᠬᠦᠳᠡᠨ ᠤ ᠠᠩᠬᠢ ᠳᠠᠬᠢ ᠠᠴᠠ ᠲᠤᠭᠤᠷᠠᠶᠢᠳᠠᠨ ᠤ ᠪᠠᠭ ᠤᠨ ᠲᠠᠪᠠᠭᠳᠠᠨ ᠤ ᠳᠡᠳ᠋ ᠪᠠᠭ ᠤᠨ ᠲᠡᠮᠡᠭᠡᠨ ᠤ ᠢᠵᠠᠭᠤᠷ ᠲᠤ ᠪᠠᠭᠳᠠᠳᠠᠭ᠃ ᠡᠷᠳᠡᠨ ᠤ ᠠᠮᠢᠳᠤ ᠪᠣᠳᠠᠰ ᠤᠨ ᠰᠣᠳᠤᠯᠳᠯ ᠬᠢᠭᠡᠳ ᠭᠠᠵᠠᠷ ᠰᠢᠨᠵᠢᠯᠡᠭᠡᠨ ᠤ ᠴᠢᠯᠠᠭᠤᠵᠢᠮᠠᠯ ᠤᠨ ᠰᠣᠳᠤᠯᠤᠯ ᠢ ᠦᠨᠳᠦᠰᠦᠯᠡᠭᠡᠳ ᠲᠡᠮᠡᠭᠡ ᠪᠣᠯ ᠣᠮᠠᠷᠠᠳᠤ ᠠᠮᠧᠷᠢᠺᠠ ᠲᠢᠪ ᠤᠨ ᠠᠩᠬᠠᠨ ᠤ ᠵᠦᠭᠡᠯᠡᠨ ᠲᠠᠪᠠᠭᠳᠠᠨ ᠠᠴᠠ ᠤᠯᠠᠷᠢᠨ ᠬᠤᠪᠢᠰᠴᠦ ᠢᠷᠡᠯ᠎ᠡ ᠭᠡᠵᠦ ᠡᠷᠳᠡᠮᠳᠡᠳ ᠦᠵᠡᠵᠦ ᠪᠣᠢ᠃      ᠠᠯᠢ ᠡᠷᠳᠡ ᠰᠢᠨ᠎ᠡ ᠠᠮᠢᠳᠤ ᠡᠷᠡᠨ ᠤ ᠰᠡᠭᠦᠯᠴᠢ ᠶᠢᠨ ᠦᠶ᠎ᠡ ︵3500 ~5000 ᠲᠦᠮᠡᠨ ᠵᠢᠯ ᠤᠨ ᠡᠮᠦᠨ᠎ᠡ︶ ᠪᠠᠷ ᠣᠮᠠᠷᠠᠳᠤ ᠠᠮᠧᠷᠢᠺᠠ ᠲᠢᠪ ᠲᠤ ᠲᠠᠤᠯᠠᠢ ᠶᠢᠨ ᠴᠢᠨᠡᠭᠡᠨ ᠪᠡᠶ᠎ᠡ ᠲᠠᠢ᠂ ᠳᠦᠴᠢᠨ ᠳᠦᠷᠪᠡᠨ ᠰᠢᠳᠤ ᠲᠠᠢ᠂ ᠬᠤᠶᠢᠳᠤ ᠮᠦᠴᠢ ᠨᠢ ᠨᠡᠯᠢᠶᠡᠳ ᠤᠷᠳᠤ᠂ ᠡᠮᠦᠨ᠎ᠡ ᠮᠦᠴᠢ ᠨᠢ ᠤᠬᠤᠷ ᠪᠦᠭᠡᠳ ᠳᠦᠷᠪᠡᠨ ᠬᠤᠷᠤᠭᠤ ᠲᠠᠢ ᠪᠣᠯᠪᠠᠴᠦ ᠬᠠᠵᠠᠭᠤ ᠲᠠᠯ᠎ᠠ ᠶᠢᠨ ᠬᠤᠶᠠᠷ ᠬᠤᠷᠤᠭᠤ ᠨᠢ ᠡᠯᠡᠭᠳᠡᠵᠦ ᠪᠠᠭᠠᠰᠤᠭᠰᠠᠨ᠂ ᠪᠡᠶ᠎ᠡ ᠶᠢᠨ ᠬᠡᠯᠪᠡᠷᠢ ᠨᠢ ᠪᠠᠯᠠᠷ ᠡᠷᠳᠡᠨ ᠤ ᠠᠳᠤᠭᠤᠰᠤᠨ ᠤ ᠲᠦᠷᠦᠯ ᠲᠠᠢ ᠲᠦᠰᠦᠭᠡᠳᠠᠢ ᠨᠢᠭᠡ ᠵᠦᠢᠯ ᠤᠨ ᠠᠩᠬᠠᠨ ᠤ ᠵᠦᠭᠡᠯᠡᠨ ᠲᠠᠪᠠᠭᠳᠤ ᠠᠮᠢᠳᠠᠨ ᠠᠮᠢᠳᠤᠷᠠᠵᠦ ᠪᠠᠶᠢᠵᠠᠢ᠃ ᠡᠨᠡ ᠠᠮᠢᠳᠠᠨ ᠨᠢ ᠤᠳᠤ ᠠᠴᠠ 3000 ᠲᠦᠮᠡᠨ ᠵᠢᠯ ᠤ ᠡᠮᠦᠨᠡᠬᠢ ᠰᠢᠨ᠎ᠡ ᠠᠮᠢᠳᠤ ᠡᠷᠡᠨ ᠤ ᠦᠶ᠎ᠡ ᠳᠤ ᠠᠮᠢᠳᠤᠷᠠᠵᠦ ᠪᠠᠶᠢᠭᠰᠠᠨ ᠲᠠᠪᠠᠭᠳᠤ ᠠᠮᠢᠳᠠᠨ ᠠᠴᠠ ᠤᠯᠠᠷᠢᠨ ᠬᠤᠪᠢᠰᠴᠦ ᠢᠷᠡᠭᠰᠡᠨ ᠪᠠᠶᠢᠵᠠᠢ᠃ ᠤᠮᠠᠷᠠᠳᠤ ᠠᠮᠧᠷᠢᠺᠠ ᠲᠢᠪ ᠤᠨ ᠭᠠᠵᠠᠷ ᠤᠨ ᠪᠠᠶᠢᠴᠠ ᠳᠠᠯᠠᠢ ᠶᠢᠨ ᠲᠦᠪᠰᠢᠨ ᠠᠴᠠ ᠡᠷᠭᠦᠭᠳᠡᠬᠦ ᠶᠢ ᠳᠠᠭᠠᠯᠳᠤᠨ ᠪᠤᠳᠠᠯᠢᠭ ᠣᠢ ᠨᠢ ᠰᠢᠩᠭᠡᠷᠡᠨ ᠴᠦᠬᠡᠷᠡᠵᠦ᠂ ᠡᠪᠡᠰᠦᠨ ᠤ ᠴᠢᠨᠠᠷ ᠨᠢ ᠮᠣᠳᠤᠯᠢᠭᠵᠢᠭᠰᠠᠨ ᠠᠴᠠ ︽ᠠᠩᠬᠠᠨ ᠤ ᠵᠦᠭᠡᠯᠡᠨ ᠲᠠᠪᠠᠭᠳᠤ ᠠᠮᠢᠳᠠᠨ︾ ᠤ ᠡᠮᠦᠨ᠎ᠡ ᠬᠦᠯ ᠤᠨ ᠬᠠᠵᠠᠭᠤ ᠲᠠᠯ᠎ᠠ ᠶᠢᠨ ᠬᠤᠶᠠᠷ ᠬᠤᠷᠤᠭᠤ ᠨᠢ ᠪᠦᠷᠢᠮᠰᠦᠨ ᠡᠯᠡᠭᠳᠡᠨ ᠤᠨᠠᠵᠦ᠂ ᠠᠭᠠᠵᠢᠮ ᠢᠶᠠᠷ ᠬᠤᠨᠢ ᠲᠠᠢ ᠲᠦᠰᠦᠭᠡᠳᠠᠢ ᠪᠦᠭᠡᠳ ᠬᠤᠨᠢᠨ ᠠᠴᠠ ᠲᠤᠮᠤᠬᠠᠨ ᠪᠡᠶ᠎ᠡ ᠲᠠᠢ᠂ ᠳᠦᠴᠢᠨ ᠳᠦᠷᠪᠡᠨ ᠰᠢᠳᠤ ᠲᠠᠢ ︽ᠬᠤᠶᠠᠷ ᠬᠤᠷᠤᠭᠤᠳᠤ ᠠᠩᠬᠠᠨ ᠤ ᠲᠡᠮᠡᠭᠡ︾ ᠪᠤᠯᠤᠨ ᠬᠤᠪᠢᠷᠠᠵᠠᠢ᠃ ᠲᠡᠮᠡᠭᠡ ᠨᠢ ᠡᠨᠡ ᠮᠡᠳᠦ ᠪᠠᠷ ᠭᠠᠯᠪᠠ ᠶᠢᠷᠳᠢᠨᠴᠦ ᠶᠢᠨ ᠬᠤᠪᠢᠷᠠᠯᠳᠠ ᠪᠠ ᠪᠠᠶᠢᠭᠠᠯᠢ ᠶᠢᠨ ᠣᠷᠴᠢᠨ ᠲᠤᠭᠤᠷᠢᠨ ᠤ ᠦᠭᠡᠷᠡᠴᠢᠯᠡᠭᠳᠡᠬᠦ ᠶᠢ ᠳᠠᠭᠠᠯᠳᠤᠨ ᠤᠯᠠᠷᠢᠨ ᠬᠤᠪᠢᠷᠠᠵᠦ᠂ ᠳᠤᠮᠳᠠ ᠰᠢᠨ᠎ᠡ ᠦᠶ᠎ᠡ ᠶᠢᠨ ᠰᠡᠭᠦᠯᠴᠢ ᠶᠢᠨ ᠦᠶ᠎ᠡ ᠪᠣᠯᠬᠤ ᠳᠤ ᠨᠢᠭᠡ ᠪᠦᠯᠦᠭ ︽ᠬᠤᠶᠠᠷ ᠬᠤᠷᠤᠭᠤᠳᠤ ᠠᠩᠬᠠᠨ ᠤ ᠲᠡᠮᠡᠭᠡ︾ ᠶᠢᠨ ᠪᠡᠶ᠎ᠡ ᠪᠢᠯᠳᠠᠷ ᠨᠢ ᠬᠦᠳᠡᠷᠯᠢᠭᠵᠢᠵᠦ ᠤᠳᠤ ᠶᠢᠨ ᠲᠡᠮᠡᠭᠡ ᠲᠠᠢ ᠨᠡᠯᠢᠶᠡᠳ ᠲᠦᠰᠦᠭᠡᠳᠠᠢ ᠪᠣᠯᠵᠠᠢ᠃ ᠡᠳᠡᠭᠡᠷ ᠲᠡᠮᠡᠭᠡ ᠨᠢ ᠠᠮᠧᠷᠢᠺᠠ ᠲᠢᠪ ᠪᠠ ᠠᠽᠢᠶ᠎ᠠ ᠲᠢᠪ ᠢ ᠬᠤᠯᠪᠤᠭᠰᠠᠨ ᠪᠧᠷᠢᠩ ᠬᠤᠭᠤᠯᠠᠢ ᠪᠠᠷ ᠳᠠᠮᠵᠢᠨ ᠠᠽᠢᠶ᠎ᠠ ᠲᠢᠪ ᠲᠤ ᠣᠷᠤᠵᠦ ᠵᠠᠷᠢᠮ ᠨᠢ ᠴᠢᠨᠠᠭᠰᠢᠳᠠ ᠠᠹᠷᠢᠺᠠ ᠲᠢᠪ ᠤᠨ ᠡᠬᠡ ᠭᠠᠵᠠᠷ ᠢᠶᠠᠷ ᠲᠠᠷᠬᠠᠵᠠᠢ᠃ ᠠᠽᠢᠶ᠎ᠠ ᠲᠢᠪ ᠲᠤ ᠨᠤᠳᠤᠭᠰᠢᠭᠰᠠᠨ ᠨᠢ ᠦᠨᠦᠳᠦᠷ ᠤᠨ ︽ᠬᠤᠤᠰ ᠪᠦᠬᠦᠳᠦ ᠲᠡᠮᠡᠭᠡ︾ ᠪᠣᠯᠵᠦ᠂ ᠠᠹᠷᠢᠺᠠ ᠲᠢᠪ ᠪᠠ ᠳᠤᠮᠳᠠᠳᠤ ᠳᠣᠷᠤᠨᠠᠳᠤ ᠣᠷᠤᠨ ᠢᠶᠠᠷ ᠨᠤᠳᠤᠭᠰᠢᠭᠰᠠᠨ ᠨᠢ ᠦᠨᠦᠳᠦᠷ ᠤᠨ ︽ᠭᠠᠭᠴᠠ ᠪᠦᠬᠦᠳᠦ ᠲᠡᠮᠡᠭᠡ︾ ᠪᠤᠯᠤᠨ ᠬᠤᠪᠢᠷᠠᠭᠠᠳ ᠡᠮᠦᠨᠡᠳᠦ ᠠᠮᠷᠷᠢᠺᠠ ᠲᠢᠪ ᠲᠤ ᠨᠤᠳᠤᠭᠰᠢᠭᠰᠠᠨ ᠨᠢ ᠠᠭᠠᠵᠢᠮ ᠢᠶᠠᠷ ︽ᠠᠩᠬᠠᠨ ᠴᠠᠭ ᠤᠨ ᠲᠡᠮᠡᠭᠡ︾᠂ ︽ᠮᠣᠷᠢᠨ ᠲᠡᠮᠡᠭᠡ︾᠂ ︽ᠠᠮᠧᠷᠢᠺᠠ ᠲᠡᠮᠡᠭᠡ︾ ᠵᠢᠴᠢ ︽ᠬᠤᠨᠢᠨ ᠲᠡᠮᠡᠭᠡ︾᠂ ᠮᠡᠳᠦ ᠶᠢᠨ ᠪᠦᠬᠦ ᠦᠭᠡᠢ ᠲᠡᠮᠡᠭᠡ ᠪᠣᠯᠵᠠᠢ᠃
 
ᠢᠷᠡᠯᠲᠡ᠄ ᠳᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号