ᠦᠷᠯᠦᠭᠡ ᠶᠢᠨ ᠬᠤᠭᠤᠯᠠ ᠬᠢᠭᠡᠳ ᠰᠦᠰᠦᠨ ᠰᠢᠩᠭᠡᠨ
ᠨᠡᠶᠢᠲᠡᠯᠡᠭᠰᠡᠨ ᠴᠠᠭ᠄
2019/4/4
     ᠤᠳᠤ ᠶᠢᠨ ᠲᠦᠷᠭᠡᠨ ᠠᠶᠢᠵᠠᠮᠳᠤ ᠠᠮᠢᠳᠤᠷᠠᠯ ᠠᠴᠠ ᠪᠤᠯᠵᠤ ᠬᠦᠮᠦᠰ ᠦᠷᠯᠦᠭᠡ ᠶᠢᠨ ᠬᠤᠭᠤᠯᠠ ᠶᠢ ᠶᠠᠪᠤᠬᠤ ᠳᠤᠰᠤᠮ ᠤᠮᠳᠤᠭᠠᠢᠢᠯᠠᠬᠤ ᠪᠤᠯᠪᠠ᠃ ᠭᠡᠶ᠎ᠡ᠂ ᠦᠷᠯᠦᠭᠡ ᠶᠢᠨ ᠬᠤᠭᠤᠯᠠ ᠪᠠᠨ ᠦᠷᠬᠦᠯᠵᠢ ᠢᠳᠡᠬᠦ ᠦᠭᠡᠢ ᠪᠤᠯ ᠰᠦᠰᠦᠨ ᠰᠢᠩᠭᠡᠨ ᠦᠳᠭᠡᠷᠡᠨ᠂ ᠴᠢᠯᠠᠭᠤᠵᠢᠯ ᠪᠤᠯᠵᠤ ᠮᠡᠳᠡᠨ᠎ᠡ᠃
     ᠰᠦᠰᠦ ᠭᠡᠪᠡᠯᠢ ᠶᠢᠨ ᠪᠠᠷᠠᠭᠤᠨ ᠲᠡᠭᠡᠷ᠎ᠡ ᠳᠠᠯ᠎ᠠ ᠳᠤ ᠡᠯᠢᠭᠡ ᠶᠢ ᠨᠠᠭᠠᠯᠳᠤᠨ ᠤᠷᠤᠰᠢᠳᠠᠭ᠃ ᠰᠦᠰᠦ ᠨᠢ ᠰᠦᠰᠦᠨ ᠤ ᠤᠭᠤᠳᠠ ᠶᠢᠨ ᠭᠤᠤᠷᠰᠤ ᠪᠠ ᠰᠦᠰᠦᠨ ᠤ ᠶᠡᠷᠦᠩᠭᠡᠢ ᠭᠤᠤᠷᠰᠤ ᠨᠡᠪᠳᠡᠷᠡᠳᠡᠭ ᠲᠤ ᠲᠦᠰᠢᠭᠯᠡᠨ ᠰᠦᠰᠦᠨ ᠰᠢᠩᠭᠡᠨ ᠢ ᠵᠤᠬᠢᠴᠠᠭᠤᠯᠤᠨ ᠤᠷᠤᠰᠬᠠᠬᠤ ᠦᠢᠯᠡᠳᠦᠯ ᠲᠠᠢ ᠪᠠᠶᠢᠵᠤ᠂ ᠤᠰᠤᠨ ᠴᠦᠬᠦᠷᠦᠮ ᠰᠢᠭ ᠢᠶᠠᠷ ᠬᠦᠮᠦᠨ ᠦᠯᠦᠰᠬᠦ ᠦᠶᠡᠰ ᠡᠯᠢᠭᠡᠨ ᠠᠴᠠ ᠱᠦᠬᠦᠷᠡᠭᠰᠡᠨ ᠰᠦᠰᠦᠨ ᠰᠢᠩᠭᠡᠨ ᠢ ᠬᠤᠷᠢᠶᠠᠨ ᠬᠠᠳᠠᠭᠠᠯᠠᠵᠤ᠂ ᠬᠤᠭᠤᠯᠠ ᠢᠳᠡᠬᠦ᠂ ᠢᠯᠠᠩᠭᠤᠶ᠎ᠠ ᠦᠭᠡᠬᠦ ᠳᠤᠰᠤ ᠶᠡᠭᠡ ᠢᠳᠡᠭᠡᠨ ᠢᠳᠡᠭᠰᠡᠨ ᠤ ᠳᠠᠷᠠᠭ᠎ᠠ᠂ ᠰᠦᠰᠦᠨ ᠰᠢᠩᠭᠡᠨ ᠰᠦᠰᠦᠨ ᠤ ᠤᠭᠤᠳᠠ ᠶᠢᠨ ᠭᠤᠤᠷᠰᠤ ᠪᠠ ᠰᠦᠰᠦᠨ ᠤ ᠶᠡᠷᠦᠩᠭᠡᠢ ᠭᠤᠤᠷᠰᠤ ᠪᠠᠷ ᠳᠠᠮᠵᠢᠨ ᠠᠷᠪᠠᠨ ᠬᠤᠶᠠᠷ ᠬᠤᠷᠤᠭᠤ ᠭᠡᠳᠡᠰᠦᠨ ᠳᠤ ᠤᠷᠤᠵᠤ᠂ ᠢᠳᠡᠭᠡᠨ ᠢ ᠰᠢᠩᠭᠡᠭᠡᠬᠦ ᠳᠤ ᠤᠷᠤᠯᠴᠠᠳᠠᠭ᠃      ᠰᠦᠨᠢ ᠰᠦᠰᠦᠨ ᠰᠢᠩᠭᠡᠨ ᠮᠦᠨ ᠯᠡ ᠱᠦᠬᠦᠷᠡᠨ᠂ ᠰᠦᠰᠦᠨ ᠤ ᠤᠭᠤᠳᠠᠨ ᠳᠤ ᠬᠠᠳᠠᠭᠠᠯᠠᠭᠳᠠᠨ᠂ ᠦᠷᠯᠦᠭᠡ ᠬᠤᠭᠤᠯᠠ ᠢᠳᠡᠪᠡᠯ ᠰᠦᠰᠦᠨ ᠤ ᠤᠭᠤᠳᠠ ᠶᠢᠨ ᠰᠢᠩᠭᠡᠨ ᠱᠦᠬᠦᠷᠡᠬᠦᠯᠬᠦ ᠳᠤ ᠰᠠᠳᠠᠯᠳᠠ ᠪᠤᠯᠳᠠᠭ᠃ ᠭᠡᠷᠪᠡ ᠦᠷᠯᠦᠭᠡ ᠶᠢᠨ ᠬᠤᠭᠤᠯᠠ ᠪᠠᠨ ᠢᠳᠡᠬᠦ ᠦᠭᠡᠢ ᠪᠤᠯ ᠰᠦᠰᠦᠨ ᠰᠢᠩᠭᠡᠨ ᠰᠦᠰᠦᠨ ᠤ ᠤᠭᠤᠳᠠᠨ ᠳᠤ ᠤᠳᠠᠭᠠᠨ ᠬᠠᠳᠠᠭᠠᠯᠠᠭᠳᠠᠨ᠂ ᠳᠤᠳᠤᠷᠠᠬᠢ ᠰᠦᠰᠦᠨ ᠤ ᠭᠤᠤᠨᠠᠨ ᠠᠯᠺᠤᠤᠯ ᠮᠡᠳᠦ ᠶᠢᠨ ᠳᠠᠯᠠᠰᠳᠤ ᠨᠢ ᠠᠭᠠᠵᠢᠮ ᠢᠶᠠᠷ ᠰᠦᠰᠦᠨ ᠤ ᠤᠭᠤᠳᠠ ᠶᠢᠨ ᠬᠠᠨᠠᠨ ᠲᠡᠭᠡᠷ᠎ᠡ ᠨᠠᠭᠠᠯᠳᠤᠵᠤ᠂ ᠡᠳᠦᠷ ᠤᠨ ᠤᠳᠠᠭᠠᠨ ᠳᠠᠭᠠᠨ ᠴᠢᠯᠠᠭᠤᠵᠢᠯ ᠪᠤᠯᠳᠠᠭ᠃ ᠰᠤᠳᠤᠯᠭᠠᠨ ᠳᠤ ᠢᠯᠡᠷᠡᠬᠦᠯᠦᠭᠰᠡᠨ ᠢᠶᠠᠷ᠂ ᠦᠷᠯᠦᠭᠡ ᠶᠢᠨ ᠬᠤᠭᠤᠯᠠ ᠪᠠᠨ ᠢᠳᠡᠭᠰᠡᠳ ᠤᠨ ᠰᠦᠰᠦᠨ ᠰᠢᠩᠭᠡᠨ ᠨᠢ ᠳᠤᠪ ᠳᠤᠩᠭᠠᠯᠠᠬ ᠪᠠᠶᠢᠬᠤ ᠳᠤ ᠦᠷᠯᠦᠭᠡ ᠶᠢᠨ ᠬᠤᠭᠤᠯᠠ ᠪᠠᠨ ᠢᠳᠡᠳᠡᠭ ᠦᠭᠡᠢ ᠬᠦᠮᠦᠨ ᠤ ᠬᠢ ᠬᠠᠷᠢᠨ ᠦᠳᠭᠡᠨ᠂ ᠪᠤᠯᠢᠩᠬᠠᠷ ᠪᠠᠶᠢᠳᠠᠭ᠃      ᠰᠦᠰᠦᠨ ᠤ ᠴᠢᠯᠠᠭᠤᠵᠢᠯ ᠨᠢ ᠰᠦᠰᠦᠨ ᠤᠭᠤᠳᠠ ᠶᠢᠨ ᠭᠤᠤᠷᠰᠤ ᠲᠡᠭᠡᠷ᠎ᠡ ᠳᠤᠷᠴᠤ ᠪᠠᠶᠢᠬᠤ ᠦᠶᠡᠰ ᠰᠦᠰᠦᠨ ᠳᠤ ᠪᠠᠺᠲ᠋ᠧᠷᠢ ᠦᠷᠡᠵᠢᠨ ᠦᠷᠪᠢᠰᠦᠯᠡᠵᠦ᠂ ᠲᠦᠷᠭᠡᠨ ᠴᠢᠨᠠᠷᠳᠠᠢ ᠰᠦᠰᠦᠨ ᠤ ᠤᠭᠤᠳᠠ ᠶᠢᠨ ᠦᠷᠪᠢᠰᠦᠯ ᠪᠤᠯᠳᠠᠭ᠃ ᠴᠢᠯᠠᠭᠤᠵᠢᠯ ᠨᠢ ᠰᠦᠰᠦᠨ ᠤ ᠭᠤᠤᠷᠰᠤ ᠪᠠᠷ ᠳᠤᠷᠤᠭᠰᠢ ᠰᠦᠰᠦᠨ ᠤ ᠶᠡᠷᠦᠩᠭᠡᠢ ᠭᠤᠤᠷᠰᠤ ᠳᠤ ᠤᠷᠤᠭᠠᠳ ᠳᠤᠷᠴᠤ᠂ ᠭᠡᠳᠡᠰᠦᠨ ᠳᠤ ᠤᠷᠤᠵᠤ ᠲᠡᠶᠢᠯᠬᠦ ᠦᠭᠡᠢ ᠪᠤᠯᠬᠤ ᠦᠶᠡᠰ ᠲᠦᠷᠭᠡᠨ ᠴᠢᠨᠠᠷᠳᠠᠢ ᠰᠦᠰᠦᠨ ᠤ ᠭᠤᠤᠷᠰᠤ ᠶᠢᠨ ᠦᠷᠪᠢᠰᠦᠯ ᠪᠠ ᠨᠦᠢᠷ ᠤᠨ ᠪᠤᠯᠴᠢᠷᠬᠠᠢ ᠶᠢᠨ ᠦᠷᠪᠢᠰᠦᠯ ᠪᠤᠯᠵᠤ᠂ ᠴᠢᠨᠠᠬᠰᠢᠯᠠᠪᠠᠯ ᠠᠮᠢ ᠨᠠᠰᠤᠨ ᠳᠤ ᠠᠶᠤᠯ ᠪᠤᠯᠳᠠᠭ᠃
 
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号