17 ᠵᠦᠢᠯ ᠤᠨ ᠦᠮᠡᠨ ᠲᠠᠷᠤᠬᠤ ᠡᠮ ᠢ ᠡᠮᠨᠡᠯᠭᠡ ᠶᠢᠨ ᠲᠠᠭᠠᠳᠬᠠᠯ ᠳᠤ ᠣᠷᠣᠭᠤᠯᠣᠨ᠎ᠠ
ᠨᠡᠶᠢᠲᠡᠯᠡᠭᠰᠡᠨ ᠴᠠᠭ᠄
2021/10/15
    ᠤᠶᠢᠷ᠎ᠠ ᠳᠤ᠂ ᠤᠯᠤᠰ ᠤᠨ ᠡᠮᠨᠡᠯᠭᠡ ᠶᠢᠨ ᠪᠠᠳᠤᠯᠠᠭ᠎ᠠ ᠶᠢᠨ ᠲᠤᠪᠴᠢᠶ᠎ᠠ ᠮᠡᠳᠡᠭᠳᠡᠯ ᠲᠠᠷᠤᠮᠠᠯᠯᠠᠨ ᠲᠠᠷᠬᠠᠭᠠᠵᠤ᠂ Azacitidine ᠵᠡᠷᠭᠡ 17 ᠵᠦᠢᠯ ᠤᠨ ᠬᠡᠯᠡᠯᠴᠡᠭᠡ ᠬᠢᠭᠰᠡᠨ ᠡᠮ ᠤᠨ ᠵᠦᠢᠯ ᠢ ︽ᠤᠯᠤᠰ ᠤᠨ ᠦᠨᠳᠤᠰᠤᠨ ᠡᠮᠨᠡᠯᠭᠡ ᠶᠢᠨ ᠲᠠᠭᠠᠳᠬᠠᠯ᠂ ᠠᠵᠢᠯ ᠠᠴᠠ ᠪᠤᠯᠤᠭᠰᠠᠨ ᠬᠡᠮᠳᠤᠯ ᠤᠨ ᠲᠠᠭᠠᠳᠬᠠᠯ ᠪᠤᠯᠤᠨ ᠦᠷᠡᠵᠢᠯ ᠤᠨ ᠲᠠᠭᠠᠳᠬᠠᠯ  ᠤᠨ ᠡᠮ ᠤᠨ ᠵᠦᠢᠯ ᠤᠨ ᠭᠠᠷᠴᠠᠭ ︵2017 ᠤᠨ ᠤ ᠬᠡᠪ︶︾ ︵ᠲᠤᠷᠤᠬᠰᠢ ᠡᠮ ᠤᠨ ᠵᠦᠢᠯ ᠤᠨ ᠭᠠᠷᠴᠠᠭ ᠭᠡᠵᠤ ᠲᠤᠪᠴᠢᠯᠠᠨ᠎ᠠ︶ ᠤᠨ ᠬᠥᠭᠡᠭᠴᠢᠨ ᠲᠦᠷᠤᠯ ᠤᠨ ᠬᠡᠪᠴᠢᠶᠡᠨ ᠳᠤ ᠤᠷᠤᠭᠤᠯᠤᠭᠰᠠᠨ ᠪᠦᠭᠡᠳ ᠡᠮᠨᠡᠯᠭᠡ ᠶᠢᠨ ᠲᠠᠭᠠᠳᠬᠠᠯ ᠤᠨ ᠲᠦᠯᠤᠬᠦ ᠪᠠᠷᠢᠮᠵᠢᠶ᠎ᠠ ᠶᠢ ᠲᠤᠬᠳᠠᠭᠠᠭᠰᠠᠨ ᠪᠠᠶᠢᠨ᠎ᠠ᠃ ᠲᠤᠰ ᠤᠳᠠᠭ᠎ᠠ ᠡᠮ ᠤᠨ ᠵᠦᠢᠯ ᠤᠨ ᠭᠠᠷᠴᠠᠭ ᠲᠤ ᠤᠷᠤᠭᠤᠯᠤᠭᠰᠠᠨ 17 ᠡᠮ ᠤᠨ ᠵᠦᠢᠯ ᠳᠤ 12 ᠪᠤᠳᠠᠳᠤ ᠴᠤᠭᠴᠠ ᠶᠢᠨ ᠬᠠᠪᠤᠳᠠᠷ ᠤᠨ ᠡᠮ ᠪᠤᠯᠤᠨ 5 ᠴᠢᠰᠤᠨ ᠬᠠᠪᠤᠳᠠᠷ ᠤᠨ ᠡᠮ ᠪᠠᠭᠳᠠᠨ᠎ᠠ᠂ ᠡᠳᠡᠭᠡᠷ ᠡᠮ ᠤᠨ ᠵᠦᠢᠯ ᠪᠤᠯ ᠴᠦᠮ ᠡᠮᠴᠢᠯᠡᠭᠡᠨ ᠳᠤ ᠵᠠᠪᠠᠯ ᠬᠡᠷᠡᠭᠰᠡᠬᠦ᠂ ᠡᠮᠴᠢᠯᠡᠭᠡᠨ ᠤ ᠦᠢᠯᠡᠳᠤᠯ ᠨᠢ ᠤᠨᠤᠪᠴᠢᠳᠠᠢ᠂ ᠲᠠᠭᠠᠳᠬᠠᠯ ᠳᠤ ᠤᠷᠤᠭᠰᠠᠳ ᠤᠨ ᠪᠠᠴᠢᠮ ᠬᠡᠷᠡᠭᠰᠡᠬᠦ ᠵᠢᠵᠢᠭ ᠡᠰ ᠤᠨ ᠪᠤᠰᠤ ᠠᠭᠤᠰᠬᠢᠨ ᠦᠮᠡᠨ᠂ ᠪᠦᠭᠡᠷ᠎ᠡ ᠶᠢᠨ ᠦᠮᠡᠨ᠂ ᠬᠤᠳᠤᠷᠢᠩᠬᠠᠢ ᠭᠡᠳᠡᠰᠤᠨ ᠤ ᠦᠮᠡᠨ ᠪᠠ ᠰᠢᠯᠤᠭᠤᠨ ᠭᠡᠳᠡᠰᠤᠨ ᠤ ᠦᠮᠡᠨ᠂ ᠬᠠᠷ᠎ᠠ ᠦᠩᠭᠡᠳᠤ ᠡᠳ᠋ ᠤᠨ ᠬᠠᠪᠤᠳᠡᠷ᠂ ᠯᠢᠮᠹᠠ ᠶᠢᠨ ᠬᠠᠪᠤᠳᠠᠷ᠂ ᠴᠢᠰᠤ ᠴᠠᠶᠢᠬᠤ ᠡᠪᠡᠳᠴᠢᠨ ᠵᠡᠷᠭᠡ ᠤᠯᠠᠨ ᠵᠦᠢᠯ ᠤᠨ ᠬᠠᠪᠤᠳᠠᠷ ᠢ ᠵᠠᠰᠠᠬᠤ ᠡᠮ ᠪᠤᠯᠤᠨ᠎ᠠ᠃ ᠡᠳᠡᠭᠡᠷ ᠡᠮ ᠤᠨ ᠵᠦᠢᠯ ᠤᠨ ᠡᠮᠨᠡᠯᠭᠡ  ᠶᠢᠨ ᠲᠠᠭᠠᠳᠬᠠᠯ ᠤᠨ ᠲᠦᠯᠤᠬᠦ ᠪᠠᠷᠢᠮᠵᠢᠶ᠎ᠠ ᠶᠢᠨ ᠲᠤᠬᠠᠢ ᠡᠮᠨᠡᠯᠭᠡ ᠶᠢᠨ ᠲᠠᠭᠠᠳᠬᠠᠯ ᠳᠤ ᠤᠷᠤᠬᠤ ᠶᠢ ᠵᠦᠪᠰᠢᠶᠡᠷᠡᠬᠦ ᠲᠤᠰᠬᠠᠢ ᠬᠡᠯᠡᠯᠴᠡᠭᠡ ᠬᠢᠭᠰᠡᠨ ᠤ ᠲᠠᠷᠠᠭ᠎ᠠ᠂ ᠡᠮ ᠤᠨ ᠦᠨ᠎ᠠ ᠨᠢ ᠴᠦᠮ ᠠᠳᠠᠯᠢ ᠪᠤᠰᠤ ᠬᠡᠮᠵᠢᠶ᠎ᠠ ᠪᠠᠷ ᠪᠠᠭᠤᠷᠠᠬᠤ ᠪᠤᠯᠤᠨ᠎ᠠ᠃
 
ᠢᠷᠡᠯᠲᠡ᠄ ᠰᠢᠨ᠎ᠡ ᠪᠠᠷᠭᠤ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号