ᠪᠠᠷᠭᠤ ᠶᠠᠰᠤᠲᠠᠨ | | ᠭᠤ · ᠠᠯᠮᠠᠰ ᠪᠠᠭᠤᠯᠭᠠᠪᠠ | | | ︽ᠮᠤᠩᠭᠤᠯ ᠤᠨ ᠨᠢᠭᠤᠴᠠ ᠲᠤᠪᠴᠢᠶᠠᠨ︾ ᠳᠤ ᠲᠡᠮᠳᠡᠭᠯᠡᠭᠰᠡᠨ ᠢᠶᠠᠷ ᠪᠠᠷᠭᠤᠵᠢᠨ ᠠᠶᠢᠮᠠᠭ ᠢ ᠪᠠᠷᠭᠤᠳᠠᠢ | ᠮᠡᠷᠭᠡᠨ ᠵᠠᠬᠢᠷᠴᠦ ᠪᠠᠶᠢᠭᠰᠠᠨ ᠪᠦᠭᠡᠳ ᠲᠡᠭᠦᠨ ᠤ ᠦᠬᠢᠨ ᠪᠠᠷᠭᠤᠵᠢᠨ ᠭᠤᠸ᠎ᠠ ᠠᠴᠠ ᠲᠦᠷᠦᠭᠰᠡᠨ ᠴᠢᠩᠭᠢᠰ | ᠬᠠᠭᠠᠨ ᠤ ᠲᠡᠭᠡᠳᠦ ᠤᠳᠤᠮ ᠤᠨ ᠠᠯᠤᠩᠭᠤᠸ᠎ᠠ ᠡᠬᠡ ᠪᠤᠯᠤᠨ᠎ᠠ᠃ ᠪᠠᠷᠭᠤ ᠪᠤᠶᠤ ᠪᠠᠷᠭᠤᠳ ᠨᠢ ᠠᠷᠪᠠᠨ ᠭᠤᠷᠪᠠᠳᠤᠭᠠᠷ | ᠵᠠᠭᠤᠨ ᠤ ᠦᠶ᠎ᠡ ᠳᠤ ᠤᠢ ᠶᠢᠨ ᠢᠷᠭᠡᠳ᠂ ᠬᠤᠷᠢ ᠲᠦᠮᠡᠳ ᠤᠨ ᠬᠠᠮᠳᠤ ᠮᠤᠩᠭᠤᠯ ᠤᠨ ᠡᠵᠡᠨᠳᠦ ᠬᠦᠷᠦᠨ ᠤ | ᠪᠦᠷᠢᠯᠳᠦᠬᠦᠨ ᠳᠤ ᠤᠷᠤᠵᠤ ᠤᠷᠢᠶᠠᠩᠬᠠᠢ ᠮᠢᠩᠭᠠᠨ ᠤ ᠨᠢᠭᠡᠨ ᠪᠤᠯᠵᠤ ᠪᠠᠶᠢᠵᠠᠢ᠃ | ᠪᠠᠷᠭᠤ ᠠᠶᠢᠮᠠᠭ ᠨᠢ ᠮᠤᠩᠭᠤᠯ ᠤᠳᠤᠮ ᠤᠨ ᠠᠶᠢᠮᠠᠭ ᠤᠳ ᠤᠨ ᠨᠢᠭᠡ ᠶᠤᠮ᠃ ᠠᠷᠪᠠᠨ ᠭᠤᠷᠪᠠᠳᠤᠭᠠᠷ | ᠵᠠᠭᠤᠨ ᠠᠴᠠ ᠤᠷᠢᠳᠤ ᠪᠠᠶᠢᠭᠠᠯ ᠲᠠᠯᠠᠢ ᠶᠢᠨ ᠲᠡᠨᠳᠡᠬᠢ ᠪᠠᠷᠭᠤᠵᠢᠨ ᠲᠦᠬᠦᠮ ᠭᠡᠳᠡᠭ ᠭᠠᠵᠠᠷ 11 — 12 | ᠳ᠋ᠤᠭᠠᠷ ᠵᠠᠭᠤᠨ ᠳᠤ ᠨᠤᠳᠤᠭᠯᠠᠵᠤ ᠪᠠᠶᠢᠭᠰᠠᠨ ᠪᠠᠷᠭᠤᠳ ᠬᠡᠮᠡᠬᠦ ᠬᠦᠴᠦᠷᠬᠡᠭ ᠠᠶᠢᠮᠠᠭ ᠪᠤᠯᠤᠨ᠎ᠠ᠃ ᠡᠷᠳᠡᠨ ᠤ | ᠰᠤᠷᠪᠤᠯᠵᠢᠳᠤ ᠮᠤᠩᠭᠤᠯ ᠠᠶᠢᠮᠠᠭ ᠪᠠᠷᠭᠤ ᠨᠠᠷ ᠤᠨ ᠭᠤᠯᠤᠮᠳᠠ ᠨᠤᠳᠤᠭ ᠪᠠᠶᠢᠭᠠᠯ ᠨᠠᠭᠤᠷ ᠠᠴᠠ ᠬᠢᠩᠭᠠᠨ ᠤ ᠨᠢᠷᠤᠭᠤ | ᠬᠦᠷᠳᠡᠯ᠎ᠡ ᠦᠷᠭᠦᠯᠵᠢᠯᠡᠵᠤ ᠪᠠᠶᠢᠵᠠᠢ᠃ ᠪᠠᠷᠭᠤᠴᠤᠳ ᠨᠢ ᠴᠢᠩᠭᠢᠰ ᠬᠠᠭᠠᠨ ᠤ ᠠᠶᠠᠨ ᠲᠠᠶᠢᠨ ᠤ ᠦᠶ᠎ᠡ ᠳᠤ | ᠴᠡᠷᠢᠭ ᠤᠨ ᠠᠷᠤ ᠲᠠᠯ᠎ᠠ ᠶᠢᠨ ᠡᠳ᠋ ᠪᠠᠷᠠᠭ᠎ᠠ ᠶᠢ ᠬᠠᠷᠢᠭᠤᠴᠠᠨ ᠬᠠᠷᠠᠭᠤᠯ ᠤᠨ ᠴᠡᠷᠢᠭ ᠤᠨ ᠠᠯᠪᠠ ᠶᠢ ᠬᠠᠭᠠᠵᠤ | ᠪᠠᠶᠢᠵᠠᠢ᠃ ᠪᠠᠷᠭᠤᠴᠤᠳ ᠤᠨ ᠬᠡᠯᠡ ᠠᠶᠠᠯᠭᠤ ᠨᠢ ᠪᠤᠷᠢᠶᠡᠳ ᠲᠠᠢ ᠨᠡᠯᠢᠶᠡᠳ ᠲᠦᠰᠳᠡᠢ ᠶᠤᠮ᠃ ᠤᠪᠤᠭ ᠤᠨ ᠲᠢᠭ | ᠵᠢᠷᠤᠮ ᠢ ᠨᠠᠷᠢᠨ ᠪᠠᠷᠢᠮᠳᠠᠯᠠᠨ ᠰᠠᠬᠢᠵᠤ᠂ ᠠᠬᠠᠮᠠᠳ ᠢ ᠬᠦᠨᠳᠦᠳᠬᠡᠨ᠂ ᠤᠪᠤᠭ ᠲᠤᠳᠤᠷ᠎ᠠ ᠪᠠᠨ ᠭᠡᠷ ᠪᠦᠯᠢ ᠪᠤᠯᠬᠤ ᠶᠢ | ᠬᠤᠷᠢᠭᠯᠠᠵᠤ᠂ ᠠᠬ᠎ᠠ ᠲᠡᠭᠦᠦᠰ ᠢᠶᠠᠷ ᠬᠤᠳᠠᠯᠠᠬᠤ᠂ ᠨᠠᠭᠠᠴᠤ ᠲᠠᠯ᠎ᠠ ᠪᠠᠨ ᠲᠡᠭᠡᠳᠦᠯᠡᠬᠦ ᠵᠡᠷᠭᠡ ᠨᠢ ᠤᠷᠤᠭ ᠪᠠᠷᠢᠯᠳᠤᠬᠤ | ᠂ ᠴᠠᠭᠠᠨ ᠰᠠᠷ᠎ᠠ ᠶᠢ ᠲᠡᠮᠳᠡᠭᠯᠡᠬᠦ᠂ ᠨᠡᠭᠦᠳᠡᠯ ᠤᠨ ᠵᠠᠩ ᠦᠢᠯᠡ ᠳᠤ ᠲᠤᠳᠤ ᠲᠤᠰᠬᠠᠭᠳᠠᠨ ᠦᠯᠡᠳᠡᠵᠡᠢ᠃ | ᠬᠦᠯᠦᠨ ᠪᠤᠶᠢᠷ᠂ ᠪᠠᠶᠢᠭᠠᠯ ᠨᠠᠭᠤᠷ᠂ ᠠᠯᠳᠠᠢ ᠠᠭᠤᠯᠠ ᠶᠢᠨ ᠬᠤᠭᠤᠷᠤᠨᠳᠤ᠂ ᠲᠡᠤᠬᠡ ᠶᠢᠨ ᠤᠷᠳᠤ | ᠤᠳᠠᠭᠠᠨ ᠬᠤᠭᠤᠴᠠᠭᠠᠨ ᠳᠤ ᠨᠡᠭᠦᠳᠡᠯᠯᠡᠵᠤ ᠪᠠᠶᠢᠭᠰᠠᠨ ᠪᠦᠭᠡᠳ ᠠᠯᠳᠠᠢ ᠠᠴᠠ ᠨᠠᠭᠠᠰᠢ ᠨᠡᠭᠦᠬᠦ ᠳᠡᠭᠡᠨ ᠤᠳᠤ ᠶᠢᠨ | ᠵᠠᠪᠬᠠᠨ ᠨᠤᠳᠤᠭ ᠲᠤ ᠤᠳᠠᠭᠠᠨ ᠰᠠᠭᠤᠷᠢᠰᠢᠵᠤ᠂ ᠨᠢᠭᠡ ᠬᠡᠰᠡᠭ ᠨᠢ ᠲᠡᠨᠳᠡ ᠦᠯᠡᠳᠡᠭᠰᠡᠨ ᠪᠤᠯᠤᠯᠳᠠᠢ᠃ ᠤᠳᠤ | ᠮᠤᠩᠭᠤᠯ ᠤᠯᠤᠰ ᠤᠨ ᠲᠤᠷᠤᠨᠠᠳᠤ᠂ ᠲᠤᠮᠳᠠᠭᠤᠪᠢ᠂ ᠠᠷᠤᠬᠠᠩᠭᠠᠢ᠂ ᠬᠤᠪᠳᠤ᠂ ᠪᠠᠶᠠᠨ — ᠦᠯᠦᠭᠡᠢ᠂ ᠲᠦᠪ᠂ | ᠵᠠᠪᠬᠠᠨ ᠠᠶᠢᠮᠠᠭ ᠤᠨ ᠰᠤᠮᠤᠳ ᠲᠤ ᠪᠠᠷᠭᠤ ᠶᠠᠰᠤᠳᠠᠨ ᠨᠤᠭᠤᠳ ᠠᠵᠤ ᠲᠦᠷᠦᠨ ᠪᠤᠢ᠃ ᠮᠥᠨ ᠪᠦᠭᠦᠳᠡ | ᠨᠠᠶᠢᠷᠠᠮᠳᠠᠬᠤ ᠬᠢᠳᠡᠳ ᠠᠷᠠᠳ ᠤᠯᠤᠰ ᠤᠨ ᠦᠪᠦᠷ ᠮᠤᠩᠭᠤᠯ ᠤᠨ ᠬᠦᠯᠦᠨ ᠪᠤᠶᠢᠷ ᠠᠶᠢᠮᠠᠭ ᠤᠨ ᠵᠡᠭᠦᠨ ᠪᠠ | ᠪᠠᠷᠠᠭᠤᠨ ᠬᠤᠰᠢᠭᠤᠨ ᠳᠤ ᠬᠠᠷᠢᠶᠠᠯᠠᠭᠳᠠᠨ ᠤᠷᠱᠤᠨ ᠭᠤᠤᠯ ᠢᠶᠠᠷ ᠨᠤᠳᠤᠭᠯᠠᠨ ᠪᠠᠶᠢᠨ᠎ᠠ᠃ | ᠮᠤᠩᠭᠤᠯ ᠤᠨ ᠶᠤᠸᠠᠨ ᠤᠯᠤᠰ ᠠᠴᠠ ᠬᠤᠶᠢᠰᠢ ᠪᠠᠷᠭᠤᠳ ᠠᠶᠢᠮᠠᠭ ᠨᠤᠳᠤᠭ ᠵᠡᠭᠦᠨᠰᠢᠯᠡᠵᠤ᠂ ᠡᠷᠭᠦᠨ᠎ᠡ᠂ | ᠤᠨᠤᠨ ᠭᠤᠤᠯ᠂ ᠬᠦᠯᠦᠨ ᠨᠠᠭᠤᠷ ᠤᠨ ᠭᠠᠵᠠᠷ ᠰᠠᠭᠤᠷᠢᠰᠢᠵᠤ᠂ ᠬᠤᠷᠴᠢᠨ ᠠᠶᠢᠮᠠᠭ ᠤᠨ ᠵᠠᠬᠢᠷᠭᠠᠨ ᠳᠤ ᠤᠷᠤᠭᠰᠠᠨ | ᠪᠠᠶᠢᠨ᠎ᠠ᠃ 15 ᠳ᠋ᠤᠭᠠᠷ ᠵᠠᠭᠤᠨ ᠤ ᠡᠬᠢᠨ ᠬᠠᠭᠠᠰ ᠲᠤ ︵1437 ᠤᠨ ᠳᠤ︶ ᠤᠶᠢᠷᠠᠳ ᠤᠨ ᠲᠤᠭᠤᠨ ᠲᠠᠶᠢᠰᠢ | ᠵᠡᠭᠦᠨ ᠮᠤᠩᠭᠤᠯ ᠤᠨ ᠬᠤᠷᠴᠢᠨ ᠤ ᠤᠷᠤᠭᠲᠡᠮᠦᠷ ᠢ ᠢᠯᠠᠭᠰᠠᠨ ᠢᠶᠠᠷ ᠲᠡᠭᠦᠨ ᠤ ᠬᠠᠷᠢᠶᠠᠳᠤ ᠪᠠᠷᠭᠤ ᠪᠤᠷᠢᠶᠡᠳ | ᠠᠶᠢᠮᠠᠭ ᠲᠦᠷᠪᠡᠨ ᠤᠶᠢᠷᠠᠳ ᠤᠨ ᠪᠦᠷᠢᠯᠳᠦᠬᠦᠨ ᠳᠤ ᠪᠠᠭᠳᠠᠬᠤ ᠪᠤᠯᠪᠠ᠃ | ᠡᠭᠦᠨ ᠠᠴᠠ ᠬᠤᠶᠢᠰᠢ ᠵᠡᠬᠦᠨ ᠮᠤᠩᠭᠤᠯ ᠤᠨ ᠠᠯᠳᠠᠨ ᠪᠤᠳᠢ ᠠᠯᠠᠭ ᠬᠠᠭᠠᠨ 1525 — 1538 | ᠤᠨ ᠳᠤ ᠪᠠᠷᠭᠤ ᠪᠤᠷᠢᠶᠠᠳ ᠠᠶᠢᠮᠠᠭ ᠢ ᠳᠡᠶᠢᠯᠠᠵᠦ᠂ ᠤᠶᠢᠷᠠᠳ ᠠᠴᠠ ᠰᠠᠯᠭᠠᠨ ᠮᠡᠳᠡᠯ ᠳᠡᠭᠡᠨ ᠤᠷᠤᠭᠤᠯᠵᠤ ᠠᠪᠴᠠᠢ᠃ | | ᠲᠡᠷᠡ ᠴᠠᠭ ᠲᠤ ᠬᠢᠩᠭᠠᠨ ᠲᠠᠪᠠᠭᠠᠨ ᠤ ᠠᠷᠤ ᠨᠤᠳᠤᠭ ᠡᠵᠡᠬᠦᠢ ᠵᠡᠯᠡᠭᠦᠳ ᠭᠠᠵᠠᠷ ᠪᠠᠶᠢᠭᠰᠠᠨ ᠲᠤᠯᠠ | ᠪᠠᠷᠭᠤᠴᠤᠤᠯ ᠲᠡᠨᠳᠡ ᠬᠦᠷᠦᠯᠴᠡᠨ ᠤᠴᠢᠵᠤ ᠰᠠᠭᠤᠭᠰᠠᠨ ᠤ ᠲᠡᠭᠡᠷ᠎ᠡ ᠲᠡᠳᠡᠨ ᠤ ᠠᠷᠤ ᠠᠴᠠ ᠬᠠᠯᠬ᠎ᠠ᠂ | ᠦᠭᠡᠯᠡᠳ ᠤᠨ ᠨᠡᠯᠢᠶᠡᠳ ᠤᠳᠤᠭ ᠤᠮᠤᠭ ᠤᠴᠢᠵᠤ ᠨᠤᠳᠤᠭᠯᠠᠭᠰᠠᠨ ᠪᠠᠶᠢᠨ᠎ᠠ᠃ | 1730 ᠭᠠᠳ ᠤᠨ ᠳᠤ ᠡᠯ᠎ᠠ ᠪᠠᠷᠭᠤ ᠶᠢᠨ ᠬᠦᠮᠦᠨ ᠠᠮᠠ ᠶᠢ ᠮᠠᠨᠵᠤ ᠴᠢᠩ ᠤᠯᠤᠰ ᠤᠨ ᠵᠠᠰᠠᠭ ᠤᠨ ᠭᠠᠵᠠᠷ ᠠᠴᠠ | ᠬᠤᠰᠢᠭᠤ ᠰᠤᠮᠤ ᠵᠤᠬᠢᠶᠠᠵᠤ᠂ ᠬᠠᠭᠤᠴᠢᠨ ᠰᠢᠨ᠎ᠡ ᠪᠠᠷᠭᠤ ᠶᠢᠨ ᠬᠤᠰᠢᠭᠤ ᠶᠢ ᠪᠠᠶᠢᠭᠤᠯᠵᠠᠢ᠃ | ᠨᠠᠶᠢᠷᠠᠯᠳᠤ ᠲᠦᠪ ᠤᠨ 10 ᠤᠨ ︵1732︶ ᠳᠤ ᠴᠢᠪᠴᠢᠨ᠂ ᠰᠤᠯᠤᠨ ᠪᠠᠷᠭᠤ ᠶᠢ ᠪᠠᠷᠠᠭᠤᠨ ᠵᠡᠭᠦᠨ | ᠭᠠᠷ ᠪᠤᠯᠭᠠᠭᠠᠳ ᠴᠢᠪᠴᠢᠨ 2᠂ ᠰᠤᠯᠤᠨ 6 ᠬᠤᠰᠢᠭᠤ ᠵᠤᠬᠢᠶᠠᠨ᠂ ᠮᠦᠨ ᠤᠨ ᠳᠤ ᠴᠡᠪᠳᠡᠨ ᠬᠡᠮᠡᠭᠴᠢ ᠶᠢᠨ | ᠲᠠᠭᠠᠭᠤᠯᠵᠤ ᠤᠴᠢᠭᠰᠠᠨ ᠬᠤᠶᠠᠷ ᠤᠳᠤᠭ ᠦᠭᠡᠯᠡᠳ ᠢ ᠬᠠᠶᠢᠯᠠᠷ ᠠᠴᠠ ᠤᠷᠤᠭᠰᠢ ᠨᠤᠳᠤᠭᠯᠠᠭᠤᠯᠤᠨ ᠨᠢᠭᠡ | ᠬᠤᠰᠢᠭᠤ ᠪᠤᠯᠭᠠᠵᠠᠢ᠃ | 1734 ᠤᠨ ᠳᠤ ᠬᠠᠯᠬ᠎ᠠ ᠶᠢᠨ ᠴᠡᠴᠡᠨ ᠬᠠᠨ ᠠᠶᠢᠮᠠᠭ ᠤᠨ ᠰᠠᠩ ᠪᠠᠶᠢᠰᠡ᠂ ᠲᠠᠯᠠᠢ ᠪᠠᠶᠢᠰᠡ ᠶᠢᠨ | ᠬᠤᠰᠢᠭᠤᠨ ᠤ ᠬᠠᠯᠬ᠎ᠠ — ᠪᠤᠷᠢᠶᠠᠳ ᠤᠨ 8 ᠰᠤᠮᠤ ᠲᠠᠰᠤᠷᠠᠵᠤ ᠵᠠᠬᠢᠷᠤᠭᠴᠢ ᠵᠠᠭᠳᠠ ᠶᠢ ᠲᠠᠭᠠᠨ ᠢᠷᠡᠭᠰᠠᠨ ᠢ | ᠨᠠᠢᠮᠠᠨ ᠬᠤᠰᠢᠭᠤ ᠪᠤᠯᠭᠠᠨ ᠰᠢᠨ᠎ᠡ ᠪᠠᠷᠭᠤ ᠬᠡᠮᠡᠨ ᠨᠡᠷᠡᠶᠢᠳᠴᠦ᠂ ᠬᠠᠶᠢᠯᠠᠷ ᠠᠴᠠ ᠬᠤᠶᠢᠰᠢ ᠬᠦᠯᠦᠨ ᠪᠤᠶᠢᠷ | ᠨᠠᠭᠤᠷ ᠤᠳ ᠤᠨ ᠬᠤᠭᠤᠷᠤᠨᠳᠤ ᠨᠤᠳᠤᠭᠯᠠᠭᠤᠯᠵᠠᠢ᠃ ᠲᠡᠷᠡ ᠨᠢ ᠰᠢᠯᠤᠭᠤᠨ ᠰᠢᠷ᠎ᠠ᠂ ᠰᠢᠯᠤᠭᠤᠨ ᠤᠯᠠᠭᠠᠨ᠂ | ᠰᠢᠯᠤᠭᠤᠨ ᠴᠠᠭᠠᠨ᠂ ᠰᠢᠯᠤᠭᠤᠨ ᠬᠦᠬᠡ᠂ ᠬᠦᠪᠡᠭᠡᠳᠦ ᠰᠢᠷ᠎ᠡ᠂ ᠬᠦᠪᠡᠭᠡᠳᠦ ᠤᠯᠠᠭᠠᠨ᠂ ᠬᠦᠪᠡᠭᠡᠳᠦ ᠴᠠᠭᠠᠨ᠂ | ᠬᠦᠪᠡᠭᠡᠳᠦ ᠬᠦᠬᠡ ᠬᠤᠰᠢᠭᠤ ᠠᠵᠢ᠃ ᠢᠩᠭᠢᠭᠡᠳ ᠪᠠᠷᠭᠤ ᠬᠠᠭᠤᠴᠢᠨ 9᠂ ᠰᠢᠨ᠎ᠡ 8᠂ ᠪᠦᠭᠦᠳᠡ 17 | ᠬᠤᠰᠢᠭᠤ ᠲᠠᠢ ᠪᠤᠯᠵᠤ ᠪᠠᠷᠭᠤ ᠶᠢᠨ ᠲᠦᠪ ᠵᠠᠬᠢᠷᠭ᠎ᠠ ᠶᠢ ᠬᠠᠶᠢᠯᠠᠷ ᠠᠮᠪᠠᠨ ᠳᠤ ᠬᠠᠮᠢᠶᠠᠷᠤᠭᠤᠯᠵᠠᠢ᠃ ᠦᠭᠡᠯᠡᠳ | ᠤᠷᠴᠤᠨ ᠬᠤᠶᠠᠷ ᠠᠴᠠ ᠪᠤᠰᠤᠳ ᠬᠤᠰᠢᠭᠤᠨ ᠳᠤ ᠭᠤᠷᠪᠠᠨ ᠰᠤᠮᠤ ᠵᠤᠬᠢᠶᠠᠵᠤ᠂ ᠰᠤᠮᠤ ᠪᠦᠷᠢ ᠠᠴᠠ 200 | ᠬᠤᠶᠠᠭ ᠭᠠᠷᠭᠠᠬᠤ ᠪᠠᠷ ᠲᠤᠭᠳᠠᠭᠰᠠᠨ ᠪᠠᠶᠢᠨ᠎ᠠ᠃ ᠬᠤᠰᠢᠭᠤᠨ ᠤ ᠲᠡᠷᠢᠭᠦᠯᠡᠭᠴᠢ ᠨᠢ ︽ᠤᠭᠤᠷᠳᠠ︾ ᠪᠤᠶᠤ ︽ | ᠪᠦᠭᠦᠳᠡ ᠶᠢᠨ ᠲᠠᠷᠤᠭ᠎ᠠ︾ ᠭᠡᠳᠡᠭ ᠪᠠᠶᠢᠨ᠎ᠠ᠃ | 1905 ᠤᠨ ᠠᠴᠠ ᠪᠠᠷᠭᠤ ᠶᠢᠨ ᠵᠠᠬᠢᠷᠭ᠎ᠠ ᠶᠢ ᠦᠭᠡᠷᠡᠴᠢᠯᠡᠨ᠂ ᠪᠠᠷᠭᠤ ᠴᠡᠷᠢᠭ ᠢ ᠪᠠᠭᠤᠯᠭᠠᠨ ᠬᠢᠳᠡᠳ ᠴᠡᠷᠢᠭ ᠢᠶᠠᠷ | ᠤᠷᠤᠯᠠᠭᠤᠯᠵᠠᠢ᠃ 1911 ᠤᠨ ᠳᠤ ᠠᠷᠤ ᠮᠤᠩᠭᠤᠯ ᠳᠤ ᠮᠠᠨᠵᠤ ᠶᠢᠨ ᠵᠠᠬᠢᠷᠭ᠎ᠠ ᠶᠢ ᠤᠰᠠᠳᠬᠠᠵᠤ ᠲᠤᠰᠠᠭᠠᠷ | ᠲᠤᠭᠳᠠᠨᠢᠬᠤ ᠳᠤ 1912 ᠤᠨ ᠤ 1 ᠰᠠᠷ᠎ᠠ ᠳᠤ ᠪᠠᠷᠭᠤ ᠳᠤ ᠪᠤᠰᠤᠯᠭ᠎ᠠ ᠭᠠᠷᠴᠤ ᠬᠠᠶᠢᠯᠠᠷ ᠬᠤᠳᠠ ᠶᠢ | ᠴᠢᠯᠦᠭᠡᠯᠡᠭᠰᠡᠨ ᠪᠠᠶᠢᠨ᠎ᠠ᠃ ᠪᠠᠷᠭᠤ ᠶᠢᠨ ᠲᠦᠷᠦᠭᠦᠴᠦᠳ ᠬᠤᠷᠠᠯᠳᠤᠨ ᠪᠠᠷᠭᠤ ᠶᠢ ᠪᠤᠭᠳᠠ ᠬᠠᠭᠠᠨᠳᠤ ᠮᠤᠩᠭᠤᠯ | ᠤᠯᠤᠰ ᠤᠨ ᠬᠠᠷᠢᠶᠠᠳᠤ ᠭᠡᠵᠤ ᠵᠠᠷᠯᠠᠨ ᠵᠠᠩᠭᠢ ᠲᠠᠮᠳᠢᠨᠰᠦ᠋ᠷᠦᠩ ᠲᠡᠷᠢᠭᠦᠳᠡᠢ ᠲᠦᠯᠦᠭᠡᠯᠡᠭᠴᠢᠳ ᠨᠡᠶᠢᠰᠯᠡᠯ | ᠬᠦᠷᠢᠶᠡᠨ ᠳᠤ ᠢᠷᠡᠵᠡᠢ᠃ | ᠵᠠᠮᠰᠦ᠋ᠷᠦᠩ ᠤᠨ ᠲᠠᠮᠳᠢᠨᠰᠦ᠋ᠷᠦᠩ ᠨᠢ ᠤᠭ ᠲᠠᠭᠠᠨ ᠰᠢᠨ᠎ᠡ ᠪᠠᠷᠭᠤ ᠶᠢᠨ ᠰᠢᠯᠤᠭᠤᠨ ᠴᠠᠭᠠᠨ | ᠬᠤᠰᠢᠭᠤᠨ ᠤ ᠨᠤᠳᠤᠭ ︽ᠴᠠᠭᠠᠨ ᠬᠤᠰᠢᠭᠤ︾ ᠬᠡᠮᠡᠬᠦ ᠭᠠᠵᠠᠷ 1871 ᠤᠨ ᠳᠤ ᠮᠡᠨᠳᠦᠯᠡᠭᠰᠡᠨ ᠬᠦᠮᠦᠨ ᠪᠦᠭᠡᠳ | 1912 ᠤᠨ ᠳᠤ ᠪᠠᠷᠠᠭᠤᠨ ᠬᠢᠵᠠᠭᠠᠷ ᠢ ᠲᠦᠪᠰᠢᠳᠭᠡᠬᠦ ᠰᠠᠶᠢᠳ ᠢᠶᠠᠷ ᠮᠠᠭᠰᠤᠷᠵᠠᠪ ᠤᠨ ᠬᠠᠮᠳᠤ ᠲᠤᠮᠢᠯᠠᠭᠳᠠᠨ | ᠬᠤᠪᠳᠤ ᠳᠤ ᠢᠷᠡᠵᠤ᠂ ᠲᠤᠰ ᠬᠤᠳᠠ ᠶᠢ ᠮᠠᠨᠵᠤ ᠶᠢᠨ ᠲᠦᠷᠢᠮᠡᠬᠡᠢ ᠴᠡᠷᠢᠭ ᠠᠴᠠ ᠴᠢᠯᠦᠭᠡᠯᠡᠬᠦ ᠳᠤ ᠶᠡᠬᠡᠳᠡ ᠭᠠᠪᠢᠶ᠎ᠠ | ᠪᠠᠶᠢᠭᠤᠯᠤᠨ ︽ᠮᠠᠩᠯᠠᠢ ᠪᠠᠭᠠᠳᠤᠷ︾ ᠴᠤᠯᠠ ᠪᠠᠷ ᠱᠠᠩᠨᠠᠭᠤᠯᠵᠠᠢ᠃ 1915 ᠤᠨ ᠳᠤ ᠮᠠᠩᠯᠠᠢ ᠪᠠᠭᠠᠳᠤᠷ | ᠲᠠᠮᠳᠢᠨᠰᠦ᠋ᠷᠦᠩ ᠬᠢᠶᠠᠭᠳᠤ ᠳᠤ ᠪᠤᠯᠤᠭᠰᠠᠨ ᠤᠷᠤᠰ᠂ ᠬᠢᠳᠡᠳ᠂ ᠮᠤᠩᠭᠤᠯ ᠭᠤᠷᠪᠠᠨ ᠤᠯᠤᠰ ᠤᠨ ᠬᠡᠯᠡᠯᠴᠡᠭᠡᠷ ᠲᠤ | ᠤᠷᠤᠯᠴᠠᠭᠰᠠᠨ ᠪᠦᠭᠡᠳ ᠲᠤᠰ ᠭᠡᠷ᠎ᠡ ᠪᠠᠷ ᠪᠠᠷᠭᠤ ᠶᠢ ᠲᠤᠮᠳᠠᠳᠤ ᠢᠷᠭᠡᠨ ᠤᠯᠤᠰ ᠤᠨ ᠵᠡᠭᠦᠨ ᠭᠤᠷᠪᠠᠨ ᠨᠤᠳᠤᠭ ᠤᠨ | ᠪᠦᠷᠢᠯᠳᠦᠬᠦᠨ ᠳᠤ ᠦᠯᠡᠳᠡᠭᠡᠬᠦ ᠪᠠᠷ ᠪᠤᠯᠵᠠᠢ᠃ | ᠡᠶᠢᠮᠦ ᠳᠤ ᠲᠠᠮᠳᠢᠨᠰᠦ᠋ᠷᠦᠩ ᠨᠤᠳᠤᠭ ᠲᠠᠭᠠᠨ ᠤᠴᠢᠨ ᠠᠯᠪᠠᠳᠤ ᠪᠠᠨ ᠲᠠᠭᠠᠭᠤᠯᠤᠨ ᠮᠤᠩᠭᠤᠯ ᠤᠯᠤᠰ ᠲᠤ | ᠨᠡᠭᠦᠨ ᠢᠷᠡᠬᠦ ᠳᠤ ᠴᠡᠴᠡᠨ ᠬᠠᠨ ᠠᠶᠢᠮᠠᠭ ᠤᠨ ᠰᠠᠩ ᠪᠠᠶᠢᠰᠡ ᠰᠠᠩᠰᠠᠷᠠᠶᠢᠳᠤᠷᠵᠢ ᠶᠢᠨ ᠬᠤᠰᠢᠭᠤᠨ ᠤ ᠨᠤᠳᠤᠭ ᠤᠨ | ᠲᠠᠪᠤᠨ ᠬᠠᠷᠠᠭᠤᠯ ᠤᠨ ᠭᠠᠵᠠᠷ ᠢ ᠤᠯᠭᠤᠵᠤ᠂ ᠵᠠᠭᠠᠯ ᠠᠭᠤᠯᠠ᠂ ᠭᠤᠷᠪᠠᠨ ᠨᠠᠭᠤᠷ ᠢᠶᠠᠷ ᠨᠤᠳᠤᠭᠯᠠᠭᠤᠯᠤᠭᠰᠠᠨ ᠨᠢ | ᠮᠠᠩᠯᠠᠢ ᠸᠠᠩ ᠤᠨ ᠬᠤᠰᠢᠭᠤ ᠪᠤᠯᠵᠠᠢ᠃ ᠡᠨᠡ ᠬᠤᠰᠢᠭᠤ ᠨᠢ 1923 ᠤᠨ ᠳᠤ ᠬᠠᠨ ᠬᠡᠨᠳᠡᠢ ᠠᠭᠤᠯᠠ ᠶᠢᠨ | ᠠᠶᠢᠮᠠᠭ ᠤᠨ ᠠᠮᠤᠭᠤᠯᠠᠩ ᠬᠠᠨ ᠠᠭᠤᠯᠠ ᠶᠢᠨ ᠬᠤᠰᠢᠭᠤ ᠴᠤᠭ ᠠᠭᠤᠯᠠ ᠶᠢᠨ ᠰᠤᠮᠤ ᠭᠡᠭᠳᠡᠵᠤ ᠪᠠᠶᠢᠭᠠᠳ 1927 | ᠤᠨ ᠳᠤ ᠤᠯᠵᠠ ᠭᠤᠤᠯ ᠤᠨ ᠬᠤᠰᠢᠭᠤᠨ ᠳᠤ ᠨᠢᠭᠡᠳᠦᠭᠡᠳ᠂ 1931 ᠤᠨ ᠳᠤ ᠲᠡᠭᠡᠷᠡᠬᠢ ᠬᠤᠰᠢᠭᠤᠨ ᠠᠴᠠ | ᠲᠠᠰᠤᠷᠠᠨ ᠭᠤᠷᠪᠠᠨ ᠵᠠᠭᠠᠯ ᠰᠤᠮᠤ ᠪᠤᠯᠤᠭᠰᠠᠨ ᠶᠤᠮ᠃ ᠭᠤᠷᠪᠠᠨ ᠵᠠᠭᠠᠯ ᠰᠤᠮᠤ ᠨᠢ 1956 ᠤᠨ ᠳᠤ ᠲᠠᠬᠢᠨ | ᠪᠠᠶᠢᠭᠤᠯᠤᠭᠳᠠᠵᠠᠢ᠃ | ᠭᠤᠷᠪᠠᠨ ᠵᠠᠭᠠᠯ ᠤᠨ ᠪᠠᠷᠭᠤ ᠨᠠᠷ ᠨᠢ ᠬᠠᠭᠤᠴᠢᠨ ᠬᠦᠯᠦᠨ ᠨᠠᠭᠤᠷ ᠤᠨ ᠪᠠᠷᠠᠭᠤᠨ ᠬᠤᠶᠢᠳᠤ᠂ ᠬᠤᠶᠢᠭᠤᠷ | ᠤᠯᠵᠠ ᠵᠦᠭ ᠲᠤ ᠨᠤᠳᠤᠭᠯᠠᠬᠤ ᠬᠦᠪᠡᠭᠡᠲᠦ ᠴᠠᠭᠠᠨ᠂ ᠰᠢᠯᠤᠭᠤᠨ ᠴᠠᠭᠠᠨ᠂ ᠰᠢᠯᠤᠭᠤᠨ ᠤᠯᠠᠭᠠᠨ᠂ ᠰᠢᠯᠤᠭᠤᠨ | ᠬᠦᠬᠡ ᠬᠤᠰᠢᠭᠤᠨ ᠠᠴᠠ ᠢᠷᠡᠭᠰᠡᠳ ᠪᠤᠯᠤᠨ᠎ᠠ᠃ ᠪᠠᠷᠭᠤ ᠨᠠᠷ ᠤᠨ ᠨᠢᠭᠡ ᠬᠡᠰᠡᠭ ᠨᠢ ᠲᠦᠪ ᠠᠶᠢᠮᠠᠭ ᠤᠨ ︵ | ᠬᠠᠭᠤᠴᠢᠨ︶ ᠠᠪᠳᠠᠷᠠᠪᠠᠶᠠᠨ ᠰᠤᠮᠤ ᠶᠢᠨ ᠬᠠᠷᠢᠶᠠᠳᠤ ᠨᠠᠷ ᠪᠦᠭᠡᠳ ᠬᠦᠯᠦᠨ ᠨᠠᠭᠤᠷ ᠤᠨ ᠪᠠᠷᠠᠭᠤᠨ ᠳᠠᠬᠢ ᠬᠦᠪᠡᠭᠡᠳᠦ | ᠬᠦᠬᠡ᠂ ᠰᠢᠯᠤᠭᠤᠨ ᠰᠢᠷ᠎ᠠ᠂ ᠰᠢᠯᠤᠭᠤᠨ ᠤᠯᠠᠭᠠᠨ᠂ ᠬᠦᠪᠡᠭᠡᠳᠦ ᠤᠯᠠᠭᠠᠨ ᠬᠤᠰᠢᠭᠤᠨ ᠠᠴᠠ 1910 ᠬᠡᠳᠦᠨ | ᠤᠨ ᠤ ᠦᠶ᠎ᠡ ᠳᠤ ᠪᠠᠽᠡᠷᠭᠠᠷᠤᠳᠢ ᠴᠤᠷᠵᠢ ᠯᠠᠮᠠ᠂ ᠸᠴᠢᠷᠪᠠᠨᠢ ᠬᠦᠩ᠂ ᠵᠠᠮᠪᠠᠯ ᠬᠦᠩ᠂ ᠲᠠᠤᠯᠠᠢ ᠬᠦᠩ ᠨᠠᠷ ᠤᠨ | ᠤᠳᠤᠷᠢᠳᠤᠯᠭ᠎ᠠ ᠪᠠᠷ ᠮᠤᠩᠭᠤᠯ ᠳᠤ ᠢᠷᠡᠵᠤ᠂ ᠪᠤᠭᠳᠠ ᠶᠢᠨ ᠱᠠᠪᠢ ᠪᠤᠯᠵᠤ ᠲᠦᠰᠢᠶᠡᠳᠦ ᠬᠠᠨ ᠠᠶᠢᠮᠠᠭ ᠤᠨ ᠲᠠᠷᠬᠠᠨ | ᠴᠢᠨ ᠸᠠᠩ ᠤᠨ ᠬᠤᠰᠢᠭᠤ ᠨᠤᠳᠤᠭ ᠠᠴᠠ ᠠᠪᠳᠠᠷᠠᠪᠠᠶᠠᠨ ᠴᠢᠯᠠᠭᠤᠳᠤ ᠭᠡᠳᠡᠭ ᠭᠠᠵᠠᠷ ᠢ ᠠᠪᠴᠤ ᠨᠤᠳᠤᠭᠯᠠᠨ᠂ | ᠪᠤᠭᠳᠠ ᠶᠢᠨ ᠶᠡᠭᠡ ᠱᠠᠪᠢ ᠶᠢᠨ ᠡᠷᠳᠡᠨᠢ ᠬᠤᠪᠢᠯᠭᠠᠨ ᠤ ᠪᠠᠷᠭᠤ ᠤᠲᠤᠭ ᠪᠤᠯᠵᠠᠢ᠃ | ᠲᠤᠰ ᠤᠲᠤᠭ ᠨᠢ 1925 ᠤᠨ ᠠᠴᠠ ᠲᠡᠯᠭᠡᠷ ᠶᠡᠭᠡ ᠠᠭᠤᠯᠠ ᠶᠢᠨ ᠠᠶᠢᠮᠠᠭ ᠤᠨ ᠵᠤᠭᠰᠤᠭᠠᠯ | ᠵᠢᠷᠭᠠᠯᠠᠩᠳᠤ ᠠᠭᠤᠯᠠ ᠶᠢᠨ ᠬᠤᠰᠢᠭᠤᠨ ᠳᠤ ᠬᠠᠷᠢᠶᠠᠯᠠᠭᠳᠠᠵᠤ ᠪᠠᠶᠢᠭᠠᠳ 1931 ᠤᠨ ᠳᠤ ᠲᠦᠪ ᠠᠶᠢᠮᠠᠭ ᠤᠨ | ᠠᠪᠳᠠᠷᠠᠪᠠᠶᠠᠨ ᠰᠤᠮᠤ ᠭᠡᠭᠳᠡᠬᠦ ᠪᠤᠯᠵᠠᠢ᠃ ᠡᠨᠡ ᠰᠤᠮᠤ 1956 ᠤᠨ ᠳᠤ ᠲᠠᠳᠠᠨ ᠪᠠᠭᠤᠭᠳᠠᠵᠤ ᠰᠡᠷᠭᠦᠯᠡᠩ᠂ ᠪᠠᠶᠠᠨ | ᠂ ᠪᠠᠶᠠᠨᠴᠠᠭᠠᠨ ᠰᠤᠮᠤᠨ ᠳᠤ ᠨᠡᠶᠢᠯᠡᠭᠰᠡᠨ ᠤᠴᠢᠷ ᠠᠪᠳᠠᠷᠠᠪᠠᠶᠠᠨ ᠤ ᠪᠠᠷᠭᠤ ᠨᠠᠷ ᠲᠡᠭᠡᠷᠡᠬᠢ ᠰᠤᠮᠤᠨ ᠳᠤ ᠲᠠᠷᠬᠠᠨ | ᠰᠠᠭᠤᠵᠤ ᠪᠠᠶᠢᠨ᠎ᠠ᠃ ᠲᠠᠭᠦᠨ ᠠᠴᠠ ᠭᠠᠳᠠᠨ᠎ᠠ ᠶᠡᠭᠡ ᠱᠠᠪᠢ ᠶᠢᠨ ᠦᠨᠢᠶ᠎ᠡ ᠠᠭᠤᠯᠠ᠂ ᠱᠠᠵᠢᠨ ᠬᠤᠷᠠᠬᠤ᠂ ᠬᠡᠷᠦᠯᠦᠨ | ᠪᠠᠶᠠᠨ ᠬᠠᠨ ᠠᠭᠤᠯᠠ ᠶᠢᠨ ᠤᠳᠤᠭ ᠲᠤ ᠪᠠᠷᠭᠤ ᠤᠳᠤᠭ ᠠᠴᠠ ᠤᠷᠤᠯᠴᠠᠨ ᠰᠢᠨ᠎ᠡ ᠵᠠᠰᠠᠭ ᠵᠠᠬᠢᠷᠭᠠᠨ ᠳᠤ | ᠪᠠᠭᠳᠠᠭᠰᠠᠨ ᠢ ᠲᠡᠮᠳᠡᠭᠯᠡᠯᠳᠡᠢ᠃ ᠲᠤᠷᠤᠨᠠᠳᠤ ᠳᠤ ᠰᠡᠬᠦᠯ ᠳᠤ ︵1946 ᠤᠨ ᠤ ᠨᠠᠮᠤᠷ︶ ᠢᠷᠠᠵᠤ ᠨᠤᠳᠤᠭᠯᠠᠭᠰᠠᠨ | ᠪᠠᠷᠭᠤ ᠨᠠᠷ ᠨᠢ ᠲᠤᠰ ᠠᠶᠢᠮᠠᠭ ᠤᠨ ᠬᠦᠯᠦᠨ ᠪᠤᠶᠢᠷ ᠰᠤᠮᠤᠨ ᠳᠤ ᠰᠠᠭᠤᠵᠤ ᠪᠠᠶᠢᠨ᠎ᠠ᠃ ᠡᠨᠡ ᠪᠠᠷᠭᠤ ᠨᠢ ᠰᠢᠨ᠎ᠡ | ᠪᠠᠷᠭᠤ ᠶᠢᠨ ᠬᠦᠪᠡᠭᠡᠳᠦ ᠴᠠᠭᠠᠨ ᠬᠤᠰᠢᠭᠤᠨ ᠠᠴᠠ ᠨᠡᠭᠦᠳᠡᠯᠯᠡᠨ ᠢᠷᠡᠵᠤ᠂ ᠬᠦᠯᠦᠨ ᠪᠤᠶᠢᠷ ᠰᠤᠮᠤᠨ ᠤ ᠦᠨᠳᠦᠰᠦᠨ | ᠬᠦᠮᠦᠨ ᠠᠮᠠ ᠨᠤᠳᠤᠭᠯᠠᠳᠠᠭ ᠬᠦᠪᠡᠭᠡᠳᠦ ᠴᠠᠭᠠᠨ᠂ ᠰᠢᠯᠤᠭᠤᠨ ᠴᠠᠭᠠᠨ᠂ ᠬᠦᠪᠡᠭᠡᠳᠦ ᠰᠢᠷ᠎ᠠ ᠬᠤᠰᠢᠭᠤᠨ ᠤ ᠬᠦᠮᠦᠰ | ᠶᠤᠮ᠃ ᠡᠨᠡ ᠪᠠᠷᠭᠤ ᠶᠢ ᠱᠠᠷᠠᠶᠢᠪᠤᠤ ᠭᠡᠳᠡᠭ ᠬᠦᠮᠦᠨ ᠤᠳᠤᠷᠢᠳᠤᠨ ᠢᠷᠡᠵᠡᠢ᠃ ᠶᠡᠷᠦ ᠪᠠᠷᠭᠤ ᠨᠠᠷ ᠨᠢ ᠪᠤᠷᠢᠶᠠᠳ᠂ | ᠬᠠᠯᠬ᠎ᠠ᠂ ᠦᠪᠦᠷᠯᠡᠭᠴᠢᠳ ᠤᠨ ᠬᠤᠯᠢᠮᠠᠭ ᠤᠪᠤᠭ ᠠᠴᠠ ᠪᠦᠷᠢᠯᠳᠦᠳᠡᠭ ᠤᠨ ᠨᠢᠭᠡᠨ ᠠᠳᠠᠯᠢ ᠬᠡᠯᠡ ᠠᠶᠠᠯᠭᠤ᠂ ᠵᠠᠩ | ᠰᠤᠷᠳᠠᠯ ᠰᠤᠶᠤᠯ ᠨᠢ ᠮᠦᠨ ᠬᠤᠯᠢᠮᠠᠭ ᠰᠢᠨᠵᠢ ᠲᠠᠢ ᠶᠤᠮ᠃ | ᠪᠠᠷᠭᠤ ᠶᠢᠨ ᠲᠤᠳᠤᠷ᠎ᠠ ᠲᠠᠷᠠᠭᠠᠬᠢ ᠤᠪᠤᠭ ︵ᠬᠠᠯᠠ︶ ᠪᠠᠭᠳᠠᠳᠠᠭ᠃ ᠡᠭᠦᠨ ᠳᠤ᠄ | 1. ᠠᠪᠠᠭᠠᠴᠤᠤᠯ 2. ᠦᠵᠦᠨ 3. ᠭᠤᠴᠢᠳ 4. ᠬᠠᠩᠭᠢᠨ 5. ᠴᠡᠭᠡᠵᠢᠨ 6. ᠵᠤᠷᠭᠤᠨ 7. | ᠳᠠᠭᠠᠷᠢᠲᠠᠨ 8. ᠬᠠᠷᠭᠠᠨ᠎ᠠ 9. ᠶᠦᠩᠰᠢᠶᠠᠪᠦ 10. ᠴᠠᠭᠠᠨ ᠤᠭᠤᠷᠠᠭ 11. ᠤᠯᠢᠶᠠᠳ 12. ᠬᠠᠭᠴᠤᠳ 13. | ᠪᠤᠳᠤᠩᠭᠤᠳ 14. ᠰᠢᠷᠠᠶᠢᠳ 15. ᠨᠤᠮᠤᠴᠢᠨ 16. ᠬᠤᠸᠠᠰᠠᠢ 17. ᠬᠦᠪᠭᠦᠳ ︵ᠬᠦᠪᠳᠦᠳ︶ 18. | ᠠᠯᠭᠤᠢ 19. ᠭᠠᠯᠵᠤᠳ 20. ᠬᠤᠨᠳᠤᠨ 21. ᠬᠤᠳᠠᠢ 22. ᠬᠦᠢᠰᠦᠯᠢᠭ ︵ᠬᠦᠢᠴᠡᠯᠢᠭ︶ 23. ᠬᠠᠯᠪᠢᠨ | 24. ᠠᠪᠬᠠᠨ 25. ᠭᠦᠵᠠᠩ 26. ᠰᠡᠭᠡᠷᠴᠢᠨ ᠵᠡᠷᠭᠡ ᠪᠤᠯᠤᠨ᠎ᠠ᠃ ᠪᠠᠷᠭᠤ ᠶᠢᠨ ᠤᠪᠤᠭ ᠤᠳ ᠠᠴᠠ | ᠵᠤᠩᠬᠢᠯᠠᠬᠤ ᠨᠢ ᠬᠤᠷᠢ ᠪᠤᠷᠢᠶᠠᠳ ᠤᠨ ᠡᠴᠢᠭᠡ ︵ᠤᠪᠤᠭ︶ ᠪᠤᠯᠬᠤ ᠪᠦᠭᠡᠳ ᠪᠤᠰᠤᠳ ᠨᠢ ᠬᠠᠮᠨᠢᠭᠠᠨ᠂ ᠦᠪᠦᠷ | ᠮᠤᠩᠭᠤᠯ ᠤᠨ ᠤᠪᠤᠭ ᠤᠳ ᠪᠠᠶᠢᠨ᠎ᠠ᠃ | ᠪᠠᠷᠭᠤ ᠶᠠᠰᠤᠳᠠᠨ ᠤ ᠭᠡᠯᠡ ᠠᠶᠠᠯᠭᠤ ᠨᠢ ᠪᠦᠬᠦᠯᠢ ᠳᠡᠭᠡᠨ ᠲᠤᠷᠤᠨᠠᠳᠤ ᠮᠤᠩᠭᠤᠯ ᠤᠨ ᠪᠠᠷᠭᠤ ᠪᠤᠷᠢᠶᠠᠳ ᠤᠨ | ᠠᠮᠠᠨ ᠠᠶᠠᠯᠭᠤᠨ ᠳᠤ ᠪᠠᠭᠳᠠᠬᠤ ᠪᠦᠭᠡᠳ ᠬᠠᠭᠤᠴᠢᠨ ᠪᠠᠷᠭᠤ ᠨᠢ ᠰᠤᠯᠤᠨ ︵ᠮᠠᠨᠵᠤ ᠬᠠᠮᠨᠢᠭᠠᠨ︶᠂ ᠴᠢᠪᠴᠢᠨ ︵ | ᠪᠤᠷᠢᠶᠠᠳ︶᠂ ᠦᠭᠡᠯᠡᠳ ︵ᠤᠶᠢᠷᠠᠳ︶ ᠠᠶᠠᠯᠭᠤᠳᠠᠨ ᠳᠤ ᠪᠠᠭᠳᠠᠬᠤ ᠪᠦᠭᠡᠳ ᠰᠢᠨ᠎ᠡ ᠪᠠᠷᠭᠤ ᠨᠢ ᠪᠠᠷᠭᠤ — | ᠪᠤᠷᠢᠶᠠᠳ ᠤᠨ ᠠᠮᠠᠨ ᠠᠶᠠᠯᠭᠤ ᠪᠤᠶᠤ ᠬᠦᠪᠡᠭᠡᠳᠦ ᠴᠠᠭᠠᠨ ᠬᠤᠰᠢᠭᠤᠨ ᠤ ᠠᠶᠠᠯᠭᠤ᠂ ᠪᠠᠷᠭᠤ — ᠬᠠᠯᠬ᠎ᠠ ᠶᠢᠨ | ᠠᠶ᠋ᠯᠠᠭᠤ᠂ ᠰᠢᠯᠤᠭᠤᠨ ᠬᠦᠬᠡ᠂ ᠬᠦᠪᠡᠭᠡᠳᠦ ᠬᠦᠭᠡ ᠬᠤᠰᠢᠭᠤᠨ ᠤ ᠠᠶᠠᠯᠭᠤ ᠭᠡᠰᠡᠨ ᠢᠯᠭᠠᠪᠦᠷᠢᠳᠡᠢ ᠪᠠᠶᠢᠬᠤ ᠠᠵᠢ᠃ | | 17 — 18 ᠳ᠋ᠤᠭᠠᠷ ᠵᠠᠭᠤᠨ ᠤ ᠦᠶ᠎ᠡ ᠳᠤ ᠤᠷᠤᠰ ᠤᠨ ᠡᠵᠡᠨᠳᠦ ᠬᠦᠷᠦᠨ ᠭᠠᠵᠠᠷ ᠨᠤᠳᠤᠭ ᠢᠶᠠᠨ | ᠲᠡᠯᠡᠬᠦ ᠳᠤ ᠲᠦᠷᠢᠭᠳᠡᠨ ᠪᠠᠷᠭᠤᠵᠢᠨ ᠲᠦᠬᠦᠮ ᠨᠤᠳᠤᠭ ᠢᠶᠠᠨ ᠤᠷᠬᠢᠨ᠂ ᠬᠠᠯᠬ᠎ᠠ ᠶᠢᠨ ᠴᠡᠴᠡᠨ ᠬᠠᠨ ᠠᠶᠢᠮᠠᠭ ᠤᠨ | ᠪᠠᠶᠢᠰᠡ ᠵᠠᠩᠴᠢᠪᠳᠤᠷᠵᠢ᠂ ᠪᠠᠶᠢᠯ᠎ᠡ ᠸᠠᠩᠴᠢᠨ᠂ ᠸᠠᠩ ᠳᠤᠷᠵᠢᠵᠠᠪ᠂ ᠵᠠᠰᠠᠭ ᠱᠠᠭᠳᠠᠷᠵᠠᠪ ᠤᠨ ᠵᠡᠷᠭᠡ ᠬᠡᠳᠦᠨ | ᠬᠤᠰᠢᠭᠤᠨ ᠳᠤ ᠬᠠᠷᠢᠶᠠᠯᠠᠭᠳᠠᠵᠤ ᠪᠠᠶᠢᠭᠠᠳ ᠨᠤᠶᠠᠳ ᠤᠨ ᠲᠠᠷᠤᠯᠠᠯ ᠠᠴᠠ ᠵᠠᠶᠢᠯᠠᠨ 1734 ᠤᠨ ᠳᠤ ᠮᠠᠨᠵᠤ ᠶᠢᠨ | ᠨᠠᠶᠢᠷᠠᠯᠳᠤ ᠲᠦᠪ ᠬᠠᠭᠠᠨ ᠳᠤ ᠡᠷᠭᠦᠨ ᠮᠡᠳᠡᠭᠦᠯᠦᠭᠰᠡᠨ ᠢᠶᠠᠷ ᠬᠦᠯᠦᠨ ᠪᠤᠶᠢᠷ ᠲᠤ ᠨᠡᠭᠦᠳᠡᠯᠯᠡᠨ ᠢᠷᠡᠵᠤ ᠰᠢᠨ᠎ᠡ | ᠪᠠᠷᠭᠤ ᠬᠡᠮᠡᠨ ᠨᠡᠷᠡᠯᠡᠭᠳᠡᠬᠦ ᠪᠤᠯᠤᠭᠰᠠᠨ ᠠᠵᠢ᠃ | 1911 ᠤᠨ ᠤ 12 ᠳ᠋ᠤᠭᠠᠷ ᠰᠠᠷ᠎ᠠ ᠶᠢᠨ 29 ᠳᠤ ᠤᠯᠠᠨ᠎ᠠ ᠡᠷᠭᠦᠭᠳᠡᠭᠰᠡᠨ ᠪᠤᠭᠳᠠ ᠬᠠᠭᠠᠨᠳᠤ ᠮᠤᠩᠭᠤᠯ | ᠤᠯᠤᠰ ᠲᠤᠩᠬᠠᠭᠯᠠᠭᠰᠠᠨ ᠠᠴᠠ 15 ᠬᠤᠨᠤᠭ ᠤᠨ ᠲᠠᠷᠠᠭ᠎ᠠ ᠬᠦᠯᠦᠨ ᠪᠤᠶᠢᠷ ᠲᠤ ᠦᠨᠳᠦᠰᠦᠲᠡᠨ ᠤ ᠡᠷᠬᠡ | ᠴᠢᠯᠦᠭᠡᠨ ᠤ ᠲᠡᠮᠡᠴᠡᠯ ᠭᠠᠷᠴᠦ᠂ ᠬᠠᠶᠢᠯᠠᠷ ᠬᠤᠳᠠ ᠶᠢ ᠬᠢᠳᠡᠳ ᠲᠦᠰᠢᠮᠠᠯ ᠠᠴᠠ ᠴᠢᠯᠦᠭᠡᠯᠡᠵᠤ᠂ ᠪᠠᠷᠭᠤ ᠶᠢᠨ | ᠨᠤᠶᠠᠳ ᠬᠤᠷᠠᠯᠳᠤᠨ᠂ ᠪᠤᠭᠳᠠ ᠬᠠᠭᠠᠨᠳᠤ ᠮᠤᠩᠭᠤᠯ ᠤᠯᠤᠰ ᠲᠤ ᠨᠢᠭᠡᠳᠬᠦ ᠪᠠᠷ ᠰᠢᠢᠳᠪᠦᠷᠢᠯᠡᠵᠤ᠂ ᠲᠡᠮᠡᠴᠡᠯ ᠢ | ᠮᠠᠩᠯᠠᠶᠢᠯᠠᠭᠴᠢᠳ ᠤᠨ ᠨᠢᠭᠡ ᠰᠤᠮᠤᠨ ᠵᠠᠩᠭᠢ ᠵᠠ᠊ · ᠲᠠᠮᠳᠢᠨᠰᠦ᠋ᠷᠦᠩ ︵ᠮᠠᠩᠯᠠᠢ ᠪᠠᠭᠠᠳᠤᠷ ᠲᠠᠮᠳᠢᠨᠰᠦ᠋ᠷᠦᠩ︶ | ᠵᠢᠷᠭᠤᠭᠠᠨ ᠨᠦᠬᠦᠷ ᠤᠨ ᠬᠠᠮᠳᠤ ᠶᠡᠭᠡ ᠬᠦᠷᠢᠶᠡᠨ ᠳᠤ ᠢᠷᠡᠵᠤ ᠨᠢᠭᠡᠳᠬᠦ ᠪᠢᠴᠢᠭ ᠢ ᠪᠠᠷᠢᠭᠰᠠᠨ ᠪᠠᠶᠢᠳᠠᠭ᠃ 1912 | ᠤᠨ ᠤ ᠬᠤᠪᠳᠤ ᠶᠢᠨ ᠪᠠᠶᠢᠯᠳᠤᠭᠠᠨ᠂ 1913 ᠤᠨ ᠤ ᠦᠪᠦᠷ ᠮᠤᠩᠭᠤᠯ ᠢ ᠴᠢᠯᠦᠭᠡᠯᠡᠬᠦ ᠲᠠᠪᠤᠨ ᠵᠠᠮ ᠤᠨ | ᠪᠠᠶᠢᠯᠳᠤᠭᠠᠨ ᠳᠤ ᠪᠠᠷᠭᠤᠳ ᠤᠨ ᠲᠤᠮᠳᠠ ᠠᠴᠠ ᠨᠢᠭᠡ ᠴᠡᠷᠢᠭ ᠤᠨ ᠵᠠᠩᠵᠤᠨ᠂ 10 ᠭᠠᠷᠤᠢ ᠪᠠᠭᠠᠳᠤᠷ ᠲᠦᠷᠦᠭᠰᠡᠨ | ᠪᠠᠶᠢᠨ᠎ᠠ᠃ 1928 ᠤᠨ ᠳᠤ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠢᠶᠠᠷ ᠳᠡᠮᠵᠢᠭᠳᠡᠵᠦ | ᠦᠳᠦᠭᠡᠭᠳᠡᠭᠰᠡᠨ᠂ ᠲᠠᠭᠤᠷ ᠬᠦᠮᠦᠨ ᠮᠧᠷᠰᠧ ᠪᠠᠷ ᠤᠳᠤᠷᠢᠳᠤᠭᠤᠯᠤᠭᠰᠠᠨ ᠪᠠᠷᠭᠤ ᠶᠢᠨ ᠵᠡᠪᠰᠡᠭᠳᠦ ᠪᠤᠰᠤᠯᠭ᠎ᠠ | ᠭᠤᠮᠢᠨᠳᠡᠩ ᠤᠨ ᠵᠠᠰᠠᠭ ᠤᠨ ᠪᠤᠳᠤᠯᠭ᠎ᠠ ᠶᠢ ᠡᠰᠡᠷᠭᠦᠴᠡᠨ ᠬᠦᠯᠦᠨ ᠪᠤᠶᠢᠷ ᠲᠤ ᠲᠡᠭᠳᠡᠵᠤ᠂ ᠤᠳᠠᠯ ᠦᠭᠡᠢ | ᠬᠦᠴᠦᠨ ᠳᠤ ᠠᠪᠳᠠᠭᠳᠠᠨ ᠲᠠᠷᠤᠭᠳᠠᠵᠤ ᠪᠠᠶᠢᠭᠰᠠᠨ᠃ | ᠪᠠᠷᠭᠤᠳ ᠬᠦᠯᠦᠨ ᠪᠤᠶᠢᠷ ᠠᠴᠠ ᠪᠠᠨ ᠪᠦᠭᠦᠳᠡ ᠨᠠᠶᠢᠷᠠᠮᠳᠠᠬᠤ ᠮᠤᠩᠭᠤᠯ ᠠᠷᠠᠳ ᠤᠯᠤᠰ ᠲᠤ 1912᠂ | 1916 — 1917᠂ 1928᠂ 1946 ᠤᠨ ᠨᠤᠭᠤᠳ ᠲᠤ ᠲᠤᠰ ᠲᠤᠰ ᠨᠡᠭᠦᠳᠡᠯᠯᠡᠨ ᠢᠷᠠᠵᠤ᠂ | ᠲᠤᠷᠤᠨᠠᠳᠤ ᠠᠶᠢᠮᠠᠭ ᠤᠨ ᠭᠤᠷᠪᠠᠨ ᠵᠠᠭᠠᠯ᠂ ᠬᠦᠯᠦᠨ ᠪᠤᠶᠢᠷ᠂ ᠲᠦᠪ ᠠᠶᠢᠮᠠᠭ ᠤᠨ ᠪᠡᠶᠡᠨ᠂ ᠰᠡᠷᠭᠦᠯᠡᠩ ᠰᠤᠮᠤᠨ ᠳᠤ | ᠂ ᠤᠯᠠᠭᠠᠨᠪᠠᠭᠠᠳᠤᠷ ᠬᠤᠳᠠ ᠪᠤᠯᠤᠨ ᠪᠤᠰᠤᠳ ᠠᠶᠢᠮᠠᠭ᠂ ᠬᠤᠳᠠ ᠨᠤᠭᠤᠳ ᠲᠤ ᠠᠵᠤ ᠲᠦᠷᠦᠨ ᠠᠮᠢᠳᠤᠷᠠᠵᠤ | ᠪᠠᠶᠢᠨ᠎ᠠ᠃ 1949 ᠤᠨ ᠳᠤ ᠪᠦᠭᠦᠳᠡ ᠨᠠᠶᠢᠷᠠᠮᠳᠠᠬᠤ ᠬᠢᠳᠡᠳ ᠠᠷᠠᠳ ᠤᠯᠤᠰ ᠪᠠᠶᠢᠭᠤᠯᠤᠭᠳᠠᠵᠤ᠂ ᠵᠠᠰᠠᠭ | ᠵᠠᠬᠢᠷᠭᠠᠨ ᠤ ᠬᠤᠪᠢᠶᠡᠷᠢ ᠰᠢᠨᠡᠴᠢᠯᠡᠭᠳᠡᠬᠦ ᠳᠤ ᠬᠠᠭᠤᠴᠢᠨ᠂ ᠰᠢᠨ᠎ᠡ ᠪᠠᠷᠭᠤ ᠨᠡᠶᠢᠯᠡᠵᠤ ᠨᠢᠭᠡᠨ ᠬᠤᠰᠢᠭᠤ ᠶᠢ | ᠪᠦᠷᠢᠳᠦᠭᠦᠯᠬᠦ ᠪᠤᠯᠵᠠᠢ᠃ ᠬᠠᠭᠤᠴᠢᠨ ᠪᠠᠷᠭᠤ ᠶᠢ ᠡᠸᠡᠩᠭᠢ᠂ ᠤᠷᠴᠤᠨ᠂ ᠲᠠᠭᠤᠷ ᠶᠠᠰᠤᠳᠠᠨ ᠨᠤᠭᠤᠳ ᠤᠨ ᠬᠠᠮᠳᠤ | ᠰᠤᠯᠤᠨ ᠬᠤᠰᠢᠭᠤᠨ ᠳᠤ ᠬᠠᠷᠢᠶᠠᠯᠠᠭᠤᠯᠤᠭᠰᠠᠨ ᠪᠠᠶᠢᠨ᠎ᠠ᠃ | 2009 ᠤᠨ ᠤ 1 ᠰᠠᠷ᠎ᠠ ᠶᠢᠨ 9 ᠤ ᠮᠡᠳᠡᠭᠡ ᠪᠠᠷ ᠲᠤᠷᠤᠨᠠᠳᠤ ᠠᠶᠢᠮᠠᠭ ᠤᠨ ᠭᠤᠷᠪᠠᠨ ᠵᠠᠭᠠᠯ | ᠰᠤᠮᠤᠨ ᠳᠤ 400 ᠡᠷᠦᠬᠡ᠂ 1351 ᠬᠦᠮᠦᠨ ᠠᠮᠠ᠂ ᠬᠦᠯᠦᠨ ᠪᠤᠶᠢᠷ ᠰᠤᠮᠤᠨ ᠳᠤ 464 ᠡᠷᠦᠬᠡ ᠶᠢᠨ | 1758 ᠬᠦᠮᠦᠨ ᠠᠮᠠ ᠪᠠᠷᠭᠤ ᠶᠠᠰᠤᠳᠠᠨ ᠳᠤ ᠲᠤᠭᠠᠯᠠᠭᠳᠠᠵᠠᠢ᠃ ᠤᠳᠤ ᠪᠠᠷ ᠪᠠᠷᠭᠤᠳ ᠨᠢ ᠮᠤᠩᠭᠤᠯ ᠤᠯᠤᠰ ᠤᠨ | 13 ᠠᠶᠢᠮᠠᠭ᠂ 47 ᠰᠤᠮᠤᠨ ᠳᠤ 15 ᠪᠠᠷᠭᠤ ᠤᠪᠤᠭ᠂ ᠪᠦᠭᠦᠳᠡ ᠨᠠᠶᠢᠷᠠᠮᠳᠠᠬᠤ ᠬᠢᠳᠡᠳ ᠠᠷᠠᠳ ᠤᠯᠤᠰ ᠤᠨ 7 | ᠮᠤᠵᠢ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ 19 ᠬᠤᠰᠢᠭᠤ᠂ 15 ᠭᠠᠴᠠᠭ᠎ᠠ᠂ ᠰᠢᠶᠡᠨ᠂ | ᠬᠤᠳᠠ ᠨᠤᠭᠤᠳ ᠲᠤ 25 ᠪᠠᠷᠭᠤ ᠤᠪᠤᠭ ᠪᠤᠯᠤᠨ ᠲᠦᠷᠺᠮᠧᠨ ᠤᠯᠤᠰ ᠲᠤ ᠪᠠᠶᠠᠷᠭᠤ ᠪᠠᠷᠭᠤ᠂ ᠺᠠᠽᠠᠭᠰᠲ᠋ᠠᠨ | ᠤᠯᠤᠰ ᠪᠤᠶᠤ ᠺᠠᠱᠭᠠᠷ ᠲᠤ ᠪᠠᠶᠠᠷᠭᠤ ᠶᠢᠨ ᠪᠠᠷᠭᠤ ᠤᠪᠤᠭ ᠤᠳ ᠪᠠᠶᠢᠨ᠎ᠠ᠃ |