ᠪᠠᠷᠭᠤ ᠮᠦᠩᠭᠦᠨ ᠵᠠᠰᠠᠯ ᠤᠨ ᠲᠤᠬᠠᠢ | ᠴᠦᠯᠳᠦᠮ | | ᠬᠦᠯᠦᠨ ᠪᠤᠶᠢᠷ ᠤᠨ ᠪᠠᠷᠭᠤᠴᠤᠳ ᠨᠢ ᠨᠡᠶᠢᠭᠡᠮ ᠤᠨ ᠤᠷᠲᠤ ᠤᠳᠠᠭᠠᠨ ᠦᠢᠯᠡᠳᠪᠦᠷᠢᠯᠡᠯ ᠠᠮᠢᠳᠤᠷᠠᠯ ᠤᠨ | ᠬᠡᠷᠡᠭᠴᠡᠭᠡ ᠠᠴᠠ ᠪᠤᠯᠵᠤ᠂ ᠭᠠᠷ ᠤᠷᠠᠯᠠᠯ ᠤᠨ ᠪᠦᠲᠦᠭᠡᠭᠳᠡᠬᠦᠨ ᠢ ᠦᠪᠡᠷᠲᠡᠭᠡᠨ ᠤᠷᠠᠯᠠᠨ ᠪᠦᠲᠦᠭᠡᠵᠦ ᠡᠳ᠋ᠯᠡᠵᠦ | ᠬᠡᠷᠡᠭᠯᠡᠳᠡᠭ ᠵᠠᠩᠰᠢᠯ ᠲᠠᠢ ᠪᠦᠭᠡᠳ ᠨᠡᠶᠢᠭᠡᠮ ᠤᠨ ᠬᠦᠭᠵᠢᠯᠲᠡ ᠶᠢᠨ ᠳᠤᠮᠳᠠ ᠰᠤᠩᠭᠤᠳᠠᠭ ᠭᠠᠷ ᠤᠷᠠᠯᠠᠯ ᠪᠤᠯᠬᠤ | ᠠᠯᠲᠠ ᠮᠦᠩᠭᠦᠨ ᠤ ᠳᠠᠷᠬᠠ ᠶᠢ ᠴᠦ ᠦᠪᠡᠰᠦᠪᠡᠨ ᠬᠢᠵᠦ᠂ ᠤᠷᠴᠢᠨ ᠦᠶᠡ ᠬᠦᠷᠲᠡᠯᠡ ᠬᠢᠵᠦ ᠪᠦᠲᠦᠭᠡᠭᠰᠡᠭᠡᠷ | ᠢᠷᠡᠵᠡᠢ᠃ ᠳᠤᠤᠷᠠ ᠪᠠᠷᠭᠤᠴᠤᠳ ᠤᠨ ᠮᠦᠩᠭᠦᠨ ᠵᠠᠰᠠᠯ ᠤᠨ ᠲᠤᠬᠠᠢ ᠲᠤᠪᠴᠢ ᠲᠠᠨᠢᠯᠴᠠᠭᠤᠯᠤᠶᠠ᠃ | ᠵᠠᠩᠭᠠᠨ ᠤ ᠮᠦᠩᠭᠦᠨ ᠴᠢᠮᠡᠭᠯᠡᠯ | ᠪᠠᠷᠭᠤᠴᠣᠳ ᠨᠢᠷᠡᠢ ᠬᠡᠦᠬᠡᠳ ᠤᠨ ᠢᠶᠠᠨ ᠵᠠᠩᠭᠠᠨ ︵ᠦᠯᠦᠭᠡᠢ︶ ᠳᠤ ᠮᠦᠩᠭᠦᠨ ᠴᠢᠮᠡᠭᠯᠡᠯ ᠬᠢᠳᠡᠭ᠃ | ᠡᠶᠢᠮᠣ ᠵᠠᠰᠠᠯ ᠳᠤ ᠮᠦᠩᠭᠦᠨ ᠨᠣᠮᠣ ᠰᠣᠮᠣ᠂ ᠬᠤᠩᠬᠤ᠂ ᠭᠤᠷᠭᠢ ᠵᠡᠷᠭᠡ ᠪᠣᠢ᠃ | ᠮᠦᠩᠭᠦᠨ ᠨᠣᠮᠣ ᠰᠣᠮᠣ ᠨᠢ ᠨᠢᠭᠡ ᠪᠢᠴᠢᠬᠠᠨ ᠨᠣᠮᠣ ᠳᠠᠭᠠᠨ ᠨᠢᠭᠡ ᠰᠣᠮᠣ ᠶᠢ ᠲᠠᠭᠠᠷᠠᠭᠤᠯᠵᠣ ᠭᠠᠩᠨᠠᠨ | ᠲᠣᠭᠳᠠᠭᠠᠳᠠᠭ᠃ ᠮᠦᠩᠭᠦᠨ ᠬᠤᠩᠬᠤ ᠨᠢ 3 — 5 ᠬᠡᠰᠡᠭ ᠪᠠᠶᠢᠳᠠᠭ᠃ ᠮᠦᠩᠭᠦᠨ ᠬᠤᠩᠬᠤ ᠨᠢᠭᠡ ᠪᠦᠷᠢ ᠨᠢ | ᠪᠦᠭᠡᠷᠡᠩᠬᠡᠢ ᠵᠣᠣᠪᠠᠩ ᠬᠡᠯᠪᠡᠷᠢᠳᠡᠢ᠂ ᠲᠣᠮᠳᠠ ᠪᠠᠨ ᠬᠦᠨᠳᠡᠢ ᠪᠠᠶᠢᠵᠣ᠂ ᠲᠣᠣᠷᠠᠳᠣ ᠲᠠᠯᠠ ᠳᠠᠭᠠᠨ ᠨᠠᠷᠢᠨ ᠠᠮᠠᠳᠠᠢ᠂ | ᠲᠣᠳᠣᠷᠠ ᠨᠢ ᠮᠦᠬᠦᠯᠢᠭ ᠬᠡᠯᠡ ᠲᠠᠢ ᠪᠣᠯᠬᠤᠷ ᠬᠦᠳᠡᠯᠭᠡᠬᠦ ᠪᠦᠷᠢ ᠬᠠᠷᠴᠢᠬᠢᠨᠠᠨ ᠲᠣᠣᠭᠠᠷᠳᠠᠭ᠃ | ᠮᠦᠩᠭᠦᠨ ᠨᠣᠮᠣ ᠰᠣᠮᠣ ᠶᠢ ᠵᠠᠩᠭᠠᠨ ᠤ ᠲᠣᠯᠣᠭᠠᠢ ᠶᠢᠨ ᠲᠡᠭᠡᠳᠣ ᠵᠠᠬᠠ ᠳᠤ ᠬᠠᠳᠠᠵᠣ ᠮᠦᠩᠭᠦᠨ | ᠬᠤᠩᠬᠤ ᠶᠢ ᠨᠣᠮᠣ ᠰᠣᠮᠣ ᠶᠢᠨ ᠲᠣᠣᠷᠠ ᠨᠢ ᠬᠠᠳᠠᠳᠠᠭ᠃ | ᠵᠠᠩᠭᠠᠨ ᠳᠤ ᠭᠤᠷᠪᠠᠨ ᠪᠦᠰᠡ ᠲᠠᠢ᠂ ᠲᠡᠭᠦᠨ ᠢ ᠰᠣᠷ ᠪᠣᠶᠣ ᠪᠦᠰ ᠢᠶᠠᠷ ᠬᠢᠳᠡᠭ᠃ ᠪᠦᠰᠠᠨ ᠳᠤᠨᠢ | ᠮᠦᠩᠭᠦᠨ ᠭᠤᠷᠬᠢ ᠪᠣᠶᠣ ᠭᠠᠷᠠᠬᠠ ᠲᠠᠭᠠᠷᠠᠭᠤᠯᠳᠠᠭ᠃ | ᠨᠣᠮᠣ ᠰᠣᠮᠣ᠂ ᠬᠤᠩᠬᠤ᠂ ᠭᠠᠷᠠᠬᠠ ᠵᠡᠷᠭᠡ ᠶᠢ ᠬᠦᠪᠡᠭᠦᠳ ᠦᠭᠢᠳ ᠭᠡᠵᠦ ᠢᠯᠭᠠᠯ ᠦᠭᠡᠢ ᠪᠠᠷ | ᠵᠠᠩᠭᠠᠨ ᠳᠤᠨᠢ ᠬᠡᠷᠡᠭᠯᠡᠨᠡ᠃ ᠡᠳᠡᠭᠡᠷ ᠮᠦᠩᠭᠦᠨ ᠴᠢᠮᠡᠭᠯᠡᠯ ᠨᠢ ᠦᠷᠡ ᠬᠡᠦᠬᠡᠳ ᠤᠨ ᠢᠶᠠᠨ ᠡᠷᠡᠭᠦᠯ ᠮᠡᠨᠳᠣ᠂ ᠡᠩᠭᠡ | ᠠᠮᠣᠭᠤᠯᠠᠩ ᠦᠰᠦᠨ ᠪᠤᠶᠢᠵᠢᠬᠤ ᠶᠢ ᠪᠡᠯᠭᠡᠳᠡᠭᠦ ᠵᠢᠴᠢ ᠭᠤᠶᠣᠯᠠᠨ ᠴᠢᠮᠡᠭᠯᠡᠬᠦ ᠦᠢᠯᠡᠳᠣᠯ ᠲᠠᠢ᠃ ᠲᠡᠭᠡᠷᠡᠬᠢ | ᠮᠦᠩᠭᠦᠨ ᠵᠠᠰᠠᠯ ᠢ ᠨᠢᠷᠡᠢ ᠬᠡᠦᠬᠡᠳ ᠬᠦᠯ ᠳᠤ ᠣᠷᠣᠵᠣ ᠶᠠᠪᠣᠵᠣ ᠴᠢᠳᠠᠬᠤ ᠲᠠᠢ ᠵᠡᠷᠭᠡ᠂ ᠲᠡᠪᠡᠯ ᠤᠨ ᠭᠢᠨᠢ ᠠᠷᠦ | ᠮᠦᠷᠦᠨ ᠳᠤ ᠲᠣᠰᠬᠠᠢ ᠰᠠᠭᠤᠷᠢ ᠬᠢᠵᠦ ᠬᠠᠳᠠᠳᠠᠭ᠃ ᠡᠨᠡ ᠰᠠᠭᠤᠷᠢ ᠶᠢ ᠨᠢ ᠬᠤᠷᠭᠤᠢ ᠲᠣᠷᠭᠠ ᠪᠠᠷ ᠣᠷᠳᠣ | ᠲᠦᠷᠪᠡᠯᠵᠢᠨ ᠬᠢᠵᠦ᠂ ᠵᠠᠬᠠ ᠬᠦᠪᠡᠭᠡ ᠪᠠᠷ ᠨᠢ ᠲᠣᠣᠵᠠ ᠪᠠᠷ ᠴᠢᠮᠡᠭᠯᠡᠬᠦ ᠪᠣᠶᠣ ᠲᠣᠷᠭᠠᠨ ᠣᠳᠠᠰᠣ ᠪᠠᠷ ᠬᠠᠳᠬᠤᠮᠠᠯ | ᠬᠠᠳᠬᠤᠵᠣ ᠴᠢᠮᠡᠭᠯᠡᠳᠡᠭ᠃ ᠡᠨᠡ ᠨᠢ ᠨᠢᠷᠡᠢ ᠬᠡᠦᠬᠡᠳ᠂ ᠭᠡᠷ ᠤᠨ ᠭᠠᠳᠠᠭᠤᠷ ᠲᠣᠭᠯᠠᠨ ᠨᠠᠭᠠᠳᠬᠤ ᠳᠤ ᠪᠠᠶᠢᠩᠭᠤ | ᠬᠠᠩᠬᠢᠨᠠᠨ ᠲᠣᠣᠭᠠᠷᠴᠣ ᠪᠠᠶᠢᠳᠠᠭ ᠪᠣᠯᠬᠤᠷ ᠣᠨᠠᠵᠣ ᠳᠤᠰᠬᠤ᠂ ᠮᠠᠯ ᠤᠨ ᠬᠦᠯ ᠳᠤ ᠲᠠᠭᠠᠷᠢᠭᠳᠠᠬᠤ ᠮᠡᠳᠣ ᠬᠡᠪ ᠤᠨ | ᠪᠣᠰᠣ ᠪᠠᠶᠢᠳᠠᠯ ᠭᠠᠷᠬᠤ ᠠᠴᠠ ᠣᠷᠢᠳᠴᠢᠯᠠᠨ ᠰᠡᠷᠭᠡᠶᠢᠯᠡᠵᠦ᠂ ᠴᠠᠭ ᠲᠠᠷᠣᠢ ᠳᠤᠨᠢ ᠲᠣᠰᠠᠯᠠᠨ ᠠᠪᠣᠷᠠᠬᠤ ᠳᠤ ᠮᠠᠰᠢ | ᠵᠣᠬᠢᠴᠠᠵᠠᠢ᠃ | ᠬᠡᠳᠡ | ᠬᠡᠳᠡ ᠪᠣᠯ ᠭᠠᠯ ᠭᠠᠷᠭᠠᠳᠠᠭ ᠪᠠᠭᠠᠵᠢ ᠶᠣᠮ᠃ ᠲᠡᠭᠦᠨ ᠤ ᠭᠠᠯ ᠭᠠᠷᠭᠠᠳᠠᠭ ᠡᠳ᠋ ᠨᠢ ᠲᠣᠰᠬᠠᠢ ᠲᠡᠮᠦᠷ | ᠬᠢᠴᠡᠲᠡᠢ ᠭᠠᠩ ᠪᠦᠬᠦᠢ ᠡᠳ᠋ ᠪᠠᠶᠢᠳᠠᠭ ᠪᠦᠭᠡᠳ ᠪᠣᠰᠣᠳ ᠵᠦᠢᠯ ᠢ ᠨᠢ ᠲᠣᠰᠬᠠᠢ ᠬᠢᠭᠰᠡᠨ ᠠᠷᠠᠰᠣᠨ ᠡᠳ᠋ᠯᠡᠯ ᠢᠶᠠᠷ | ᠬᠢᠳᠡᠭ᠃ ᠪᠠᠰᠠ ᠡᠨᠡ ᠬᠦ ᠭᠠᠳᠠᠷ ᠤᠨ ᠲᠡᠭᠡᠭᠦᠷ ᠨᠢ ᠵᠢᠵᠢᠭ ᠮᠦᠩᠭᠦᠨ ᠬᠤᠸᠠᠷ ᠭᠠᠷᠭᠠᠵᠣ ᠬᠠᠳᠠᠳᠠᠭ᠃ ᠡᠶᠢᠮᠣ | ᠬᠤᠸᠠᠷ ᠨᠢ ᠪᠠᠰᠠ ᠮᠦᠩᠭᠦᠨ ᠬᠠᠳᠠᠭᠠᠰᠣ ᠪᠠᠷ ᠬᠠᠳᠠᠭᠳᠠᠨᠠ᠃ | ᠲᠡᠭᠦᠨ ᠤ ᠣᠯᠠ ᠭᠡᠵᠦ ᠲᠣᠰᠬᠠᠢ ᠬᠢᠭᠰᠡᠨ ᠴᠠᠭᠠᠨ ᠰᠢᠷᠬᠡᠭᠯᠢᠭ ᠴᠢᠯᠠᠭᠤ ᠲᠠᠢ᠃ ᠣᠯᠠ ᠪᠠᠨ ᠴᠢᠯᠠᠭᠤᠨ ᠤ | ᠢᠷ ᠢᠶᠠᠷ ᠴᠣᠬᠢᠪᠠᠯ ᠭᠠᠯ ᠭᠠᠷᠭᠠᠵᠣ ᠴᠢᠳᠠᠳᠠᠭ᠃ | ᠮᠦᠩᠭᠦᠨ ᠬᠢᠳᠤᠭᠠ | ᠪᠠᠷᠭᠤᠴᠣᠳ ᠮᠦᠩᠭᠦᠨ ᠬᠢᠳᠤᠭᠠ ᠬᠡᠷᠡᠭᠯᠡᠳᠡᠭ᠃ ᠪᠦᠰᠡᠳᠡᠶᠢᠴᠣᠳ ᠨᠢ ᠮᠦᠩᠭᠦᠨ ᠬᠢᠳᠤᠭᠠ ᠰᠣᠪᠢᠳᠠᠵᠣ | ᠶᠠᠪᠣᠳᠠᠭ᠃ ᠭᠡᠷ ᠡᠷᠦᠬᠡ ᠳᠡᠭᠡᠨ ᠴᠣ᠋ ᠮᠦᠩᠭᠦᠨ ᠬᠢᠳᠤᠭᠠ ᠬᠡᠷᠡᠭᠯᠡᠳᠡᠭ᠃ | ᠮᠦᠩᠭᠦᠨ ᠬᠢᠳᠤᠭᠠ ᠶᠢᠨ ᠡᠰᠢ᠂ ᠬᠤᠢ ᠶᠢ ᠮᠦᠩᠭᠦ ᠪᠠᠷ ᠴᠢᠮᠡᠭᠯᠡᠨ ᠭᠤᠶᠣᠳᠠᠭ᠃ ᠬᠢᠳᠤᠭᠠ ᠶᠢᠨ ᠡᠰᠢ ᠶᠢ | ᠴᠢᠨᠠᠷ ᠰᠠᠶᠢᠳᠠᠢ ᠮᠣᠳᠣ᠂ ᠶᠠᠰᠣ᠂ ᠡᠪᠡᠷ ᠢᠶᠠᠷ ᠬᠢᠬᠦ ᠨᠢ ᠭᠤᠣᠯᠳᠠᠢ᠃ ᠬᠤᠢ ᠨᠢ ᠴᠣ᠋ ᠡᠰᠢ ᠲᠠᠢ ᠪᠠᠨ ᠠᠳᠠᠯᠢ | ᠪᠠᠶᠢᠨᠠ᠃ ᠡᠰᠢ ᠪᠠᠨ ᠮᠦᠩᠭᠦ ᠪᠠᠷ ᠴᠢᠮᠡᠭᠯᠡᠨ ᠬᠦᠳᠡᠷᠯᠡᠨᠡ᠃ ᠡᠰᠢᠨ ᠤ ᠣᠭ ᠲᠤ ᠪᠢᠳᠡᠭᠦᠦ ᠮᠦᠩᠭᠦᠨ ᠲᠣᠭᠳᠣᠢ | ᠣᠭᠯᠠᠵᠣ ᠲᠠᠭᠠᠷᠠᠭᠤᠯᠣᠨᠠ᠃ ᠬᠢᠳᠣᠭᠠᠨ ᠤ ᠣᠭ ᠲᠤ ᠮᠦᠩᠭᠦᠨ ᠪᠠᠷᠳᠠᠭ ᠬᠢᠵᠦ ᠬᠠᠳᠠᠳᠠᠭ᠃ ᠬᠢᠳᠣᠭᠠᠨ ᠤ | ᠬᠤᠢ ᠶᠢ ᠮᠦᠨ ᠢᠵᠢᠯ ᠮᠣᠳᠣ᠂ ᠶᠠᠰᠣ᠂ ᠡᠪᠡᠷ ᠢᠶᠠᠷ ᠬᠢᠵᠦ᠂ ᠲᠡᠭᠦᠨ ᠤ ᠣᠭ ᠲᠤ ᠪᠢᠳᠡᠭᠦᠦ ᠮᠦᠩᠭᠦᠨ ᠲᠣᠭᠳᠣᠢ | ᠬᠢᠨᠡ᠃ ᠲᠣᠭᠳᠣᠢ ᠶᠢᠨ ᠠᠮᠠᠰᠠᠷ ᠲᠤ ᠪᠠᠰᠠ ᠲᠣᠭᠳᠣᠢ ᠯᠤᠭᠠ ᠠᠳᠠᠯᠢᠪᠳᠣᠷ ᠣᠷᠳᠣ᠂ ᠲᠡᠭᠡᠷᠡ ᠲᠠᠯᠠ ᠳᠠᠭᠠᠨ | ᠬᠢᠳᠤᠭᠠ ᠬᠢᠬᠦ ᠵᠠᠢ ᠲᠠᠢ ᠲᠣᠭᠳᠣᠢ ᠴᠢᠩᠭᠠ ᠲᠠᠭᠠᠷᠠᠭᠤᠯᠳᠠᠭ᠃ ᠲᠣᠮᠳᠠᠬᠢ ᠵᠠᠢ ᠳᠤ 2 — 3 ᠮᠦᠩᠭᠦᠨ | ᠪᠦᠯᠡᠵᠢ ︵ᠪᠦᠯᠡᠵᠡᠭ︶ ᠶᠢ ᠲᠡᠩᠴᠡᠭᠦᠦ ᠵᠠᠢ ᠲᠠᠢ ᠪᠠᠷ ᠪᠣᠭᠤᠳᠠᠭ᠃ ᠡᠨᠡ ᠪᠣᠯ ᠰᠠᠪᠬᠠ ᠬᠢᠳᠡᠭ ᠦᠭᠡᠢ ᠬᠤᠢ | ᠪᠣᠯᠣᠨᠠ᠃ ᠬᠡᠷᠪᠡ ᠰᠠᠪᠬᠠ ᠬᠢᠳᠡᠭ ᠬᠢᠳᠤᠭᠠ ᠪᠣᠯ ᠰᠠᠪᠬᠠ ᠬᠢᠬᠦ ᠨᠦᠬᠡ ᠪᠦᠬᠦᠢ ᠮᠦᠩᠭᠦᠨ ᠴᠣᠷᠭᠤ ᠨᠠᠮᠠᠨ | ᠬᠤᠢ ᠶᠢᠨ ᠠᠷᠣ ᠲᠠᠯᠠ ᠳᠤ ᠲᠠᠭᠠᠷᠠᠭᠤᠯᠵᠣ ᠭᠠᠩᠨᠠᠳᠠᠭ᠃ ᠰᠠᠪᠬᠠ ᠨᠢ ᠶᠠᠰᠣ ᠪᠠᠶᠢᠬᠤ ᠨᠢ ᠣᠯᠠᠨ ᠲᠠᠢ᠂ ᠰᠠᠪᠬᠠᠨ ᠤ | ᠣᠭ ᠲᠤ ᠪᠠᠰᠠ ᠮᠦᠩᠭᠦᠨ ᠲᠣᠭᠳᠣᠢ ᠬᠢᠳᠡᠭ᠃ ᠬᠤᠢ ᠶᠢᠨ ᠲᠡᠭᠡᠳᠣ ᠪᠡᠶᠡ ᠶᠢᠨ ᠠᠷᠣ ᠭᠦᠪᠡᠭᠡᠨ ᠳᠤ ᠮᠦᠩᠭᠦᠨ | ᠰᠦᠪᠡᠭᠴᠢ ᠭᠠᠩᠨᠠᠳᠠᠭ᠃ ᠡᠨᠡ ᠰᠦᠪᠡᠭᠴᠢ ᠠᠴᠠ ᠮᠦᠩᠭᠦᠨ ᠰᠦᠯᠵᠢᠮᠡᠷ ᠣᠭᠯᠠᠨ ᠲᠠᠭᠠᠷᠠᠭᠤᠯᠵᠣ᠂ ᠠᠷᠣ | ᠪᠦᠰᠡᠨ ᠠᠴᠠ ᠰᠣᠪᠢᠳᠠᠳᠠᠭ᠃ ᠰᠦᠯᠵᠢᠮᠡᠷ ᠤᠨ ᠦᠵᠦᠭᠦᠷ ᠲᠤ ᠮᠦᠩᠭᠦᠨ ᠵᠣᠭᠤᠰ ᠪᠣᠶᠣ ᠵᠢᠵᠢᠭ ᠲᠣᠩ ᠮᠡᠳᠣ ᠶᠢ | ᠬᠠᠳᠠᠵᠣ ᠣᠯᠠᠮ ᠭᠤᠶᠣᠯᠠᠳᠠᠭ᠃ ᠬᠢᠳᠤᠭᠠ ᠪᠣᠯ ᠡᠳᠣᠷ ᠲᠣᠳᠣᠮ ᠤᠨ ᠡᠳ᠋ᠯᠡᠯ ᠪᠣᠯᠬᠤ ᠪᠠᠷ ᠪᠠᠷᠠᠬᠤ ᠦᠭᠡᠢ᠂ | ᠭᠤᠶᠣᠯᠠᠯ᠂ ᠪᠡᠶᠡ ᠬᠠᠮᠠᠭᠠᠯᠠᠬᠤ ᠵᠠᠪᠰᠡᠭ ᠴᠣ᠋ ᠪᠣᠯᠣᠨᠠ᠃ | ᠬᠢᠳᠤᠭᠠ ᠵᠡᠭᠦᠭᠰᠡᠨ ᠪᠦᠰᠡᠳᠡᠢ ᠬᠦᠮᠦᠨ ᠠᠶᠢᠯ ᠳᠤ ᠣᠷᠣᠬᠤ ᠳᠤ ᠬᠦᠷᠪᠡᠯ᠂ ᠬᠢᠳᠤᠭᠠ ᠪᠠᠨ ᠪᠠᠭᠤᠯᠭᠠᠳᠠᠭ | ᠵᠠᠩᠰᠢᠯ ᠲᠠᠢ᠃ ᠬᠦᠮᠦᠨ ᠳᠤ ᠬᠢᠳᠤᠭᠠ ᠭᠠᠷᠳᠠᠭᠤᠯᠵᠣ ᠦᠭᠬᠦ ᠪᠣᠯ ᠡᠰᠢ ᠪᠠᠷ ᠨᠢ᠂ ᠢᠷ ᠢ ᠨᠢ ᠲᠣᠷᠣᠭᠰᠢ | ᠬᠠᠷᠠᠭᠤᠯᠵᠣ ᠦᠭᠳᠡᠭ ᠲᠠᠳᠬᠠᠯ ᠲᠠᠢ᠃ | ᠮᠠᠯᠠᠭᠠᠢ ᠶᠢᠨ ᠭᠠᠳᠠ | ᠪᠠᠷᠭᠤᠴᠣᠳ ᠮᠠᠯᠠᠭᠠᠢ ᠶᠢᠨ ᠣᠷᠣᠢ ᠲᠡᠭᠡᠷᠡ ᠵᠠᠩᠬᠢᠳᠣᠮᠠᠯ ᠪᠣᠶᠣ ᠱᠢᠷᠣᠨ ᠭᠠᠳᠠ ︵ᠭᠠᠳᠢ ᠴᠣ᠋ ᠭᠡᠳᠡᠭ︶ | ᠬᠢᠳᠡᠭ᠃ ᠱᠢᠷᠦ ᠶᠢ ᠮᠦᠩᠭᠦᠨ ᠰᠠᠭᠤᠷᠢᠨ ᠲᠡᠭᠡᠷᠡ ᠰᠠᠭᠤᠯᠭᠠᠳᠠᠭ᠃ ᠮᠦᠩᠭᠦᠨ ᠰᠠᠭᠤᠷᠢ ᠨᠢ ᠲᠡᠭᠡᠭᠰᠢ ᠬᠠᠨᠳᠣᠬᠰᠠᠨ | ᠳᠦᠭᠦᠷᠢᠭ ᠬᠡᠯᠪᠡᠷᠢ ᠲᠠᠢ᠂ ᠢᠷᠣᠭᠠᠷ ᠨᠢ ᠲᠡᠭᠰᠢ᠃ ᠡᠰᠡᠭᠦᠯᠡ ᠲᠣᠷᠣᠭᠰᠢ ᠬᠠᠨᠳᠣᠭᠰᠠᠨ ᠲᠠᠯᠠ ᠴᠠᠭᠠᠷᠢᠭ ᠴᠣ᠋ ᠪᠣᠢ᠃ | ᠡᠭᠦᠨ ᠤ ᠲᠣᠣᠷᠠᠳᠣ ᠪᠡᠶᠡ ᠳᠤ ᠡᠷᠬᠢᠭᠦᠯᠭᠡ ᠪᠦᠬᠦᠢ ᠰᠢᠯᠪᠢ ᠭᠠᠩᠨᠠᠵᠣ ᠮᠠᠯᠠᠭᠠᠢ ᠶᠢ ᠴᠣᠭᠤᠯᠵᠣ ᠭᠦᠪᠡᠭᠡ ᠪᠠᠷ ᠨᠢ | ᠰᠢᠷᠭᠤᠭᠤᠯᠣᠨ ᠣᠷᠣᠭᠤᠯᠵᠣ ᠱᠣᠷᠠᠭ ᠢᠶᠠᠷ ᠲᠣᠭᠳᠠᠭᠠᠨᠠ᠃ ᠱᠢᠷᠣᠨ ᠭᠠᠳᠠ ᠶᠢ ᠰᠠᠭᠤᠷᠢ ᠲᠡᠭᠡᠷᠡ | ᠲᠣᠭᠳᠠᠭᠠᠬᠤ ᠳᠠᠭᠠᠨ ᠮᠦᠩᠭᠦᠨ ᠤ ᠨᠠᠭᠠᠯᠳᠠ ᠪᠠᠷ ᠪᠠᠳᠣ ᠭᠠᠩᠨᠠᠳᠠᠭ᠃ | ᠮᠠᠯᠠᠭᠠᠢ ᠶᠢᠨ ᠬᠤᠸᠡᠶᠠᠯ | ᠮᠠᠯᠠᠭᠠᠢ ᠶᠢᠨ ᠬᠤᠸᠠᠶᠠᠯ ︵ᠬᠤᠸᠠᠶᠣᠣᠷ ᠴᠣ᠋ ᠭᠡᠳᠡᠭ︶ ᠢ ᠮᠠᠯᠠᠭᠠᠢ ᠶᠢᠨ ᠮᠠᠩᠨᠠᠢ ᠳᠤ ᠬᠠᠳᠠᠳᠠᠭ ᠶᠣᠮ᠃ | ᠬᠤᠸᠠᠶᠠᠯ ᠨᠢ ᠣᠯᠠᠭᠠᠨ ᠱᠢᠷᠣ ᠪᠠᠶᠢᠳᠠᠭ ᠪᠦᠭᠡᠳ ᠨᠢᠭᠡ ᠪᠠᠶᠢᠳᠠᠭ᠃ ᠶᠡᠭᠡ ᠪᠠᠭᠠ ᠨᠢ ᠠᠳᠠᠯᠢ ᠦᠭᠡᠢ᠂ | ᠵᠠᠷᠢᠮ ᠳᠠᠭᠠᠨ ᠲᠦᠭᠦᠷᠢᠭ ᠪᠣᠶᠣ ᠵᠣᠣᠪᠠᠩ ᠴᠣ᠋ ᠪᠠᠶᠢᠬᠤ ᠨᠢ ᠪᠣᠢ᠃ ᠱᠢᠷᠦ ᠪᠠᠨ ᠮᠦᠩᠭᠦᠨ ᠰᠠᠭᠤᠷᠢ ᠲᠡᠭᠡᠷᠡ | ᠰᠠᠭᠤᠯᠭᠠᠳᠠᠭ᠃ ᠰᠠᠭᠤᠷᠢ ᠨᠢ ᠱᠢᠷᠦ ᠲᠠᠢ ᠪᠠᠨ ᠶᠠᠭ ᠠᠳᠠᠯᠢ ᠲᠠᠭᠠᠷᠠᠮᠠᠯ ᠬᠡᠮᠵᠢᠶᠡ ᠲᠠᠢ᠃ ᠰᠠᠭᠤᠷᠢ ᠶᠢᠨ ᠲᠡᠭᠡᠳᠣ | ᠲᠠᠯᠠ ᠳᠤᠨᠢ ᠱᠢᠷᠦ ᠪᠠᠨ ᠮᠦᠩᠭᠦᠨ ᠤ ᠨᠠᠭᠠᠯᠳᠠ ᠪᠠᠷ ᠪᠠᠳᠣ ᠲᠣᠭᠳᠠᠭᠠᠳᠠᠭ᠃ ᠰᠠᠭᠤᠷᠢ ᠶᠢᠨ ᠲᠡᠭᠡᠳᠣ ᠢᠷᠮᠡᠭ ᠲᠤᠨᠢ | ᠪᠠᠶᠢᠳᠠᠭ ᠨᠢ ᠱᠢᠷᠦ ᠪᠠᠨ ᠪᠠᠭᠢᠯᠡᠬᠦ ᠶᠢᠨ ᠬᠠᠮᠳᠣ ᠮᠠᠯᠠᠭᠠᠢ ᠳᠤ ᠪᠠᠷᠢᠵᠣ ᠣᠳᠠᠰᠣ ᠪᠠᠷ ᠬᠠᠳᠠᠬᠤ ᠳᠤ ᠲᠦᠭᠦᠮ | ᠪᠣᠯᠭᠠᠵᠠᠢ᠃ | ᠪᠦᠰᠠᠨ ᠤ ᠮᠦᠩᠭᠦᠨ ᠭᠤᠷᠭᠢ | ᠪᠠᠷᠭᠤ ᠪᠦᠰᠠᠳᠠᠶᠢᠴᠣᠳ ᠰᠣᠷ ᠪᠣᠶᠣ ᠪᠣᠯᠭᠠᠷᠢᠨ ᠪᠦᠰᠠ ᠪᠦᠰᠠᠯᠠᠳᠡᠭ᠃ ᠡᠶᠢᠮᠦ ᠪᠦᠰᠠᠨ ᠳᠤ ᠮᠦᠩᠭᠦᠨ | ᠭᠤᠷᠭᠢ ᠬᠡᠷᠡᠭᠯᠡᠳᠡᠭ᠃ | ᠮᠦᠩᠭᠦᠨ ᠭᠤᠷᠭᠢ ᠨᠢ ᠲᠦᠷᠪᠡᠯᠵᠢᠨ ᠪᠣᠶᠣ ᠴᠠᠭᠠᠷᠢᠭ ᠬᠡᠯᠪᠡᠷᠢ ᠲᠠᠢ᠃ ᠬᠡᠯᠡ ᠨᠢ ᠴᠣ᠋ ᠮᠦᠩᠭᠦ ᠪᠠᠶᠢᠳᠠᠭ᠃ | ᠮᠦᠩᠭᠦᠨ ᠭᠤᠷᠭᠢ ᠶᠢᠨ ᠨᠢᠭᠤᠷ ᠲᠠᠯᠠ ᠳᠤᠨᠢ ᠣᠯᠠᠨ ᠶᠠᠩᠵᠣ ᠶᠢᠨ ᠬᠡ ᠣᠭᠠᠯᠵᠠ ᠴᠣᠬᠢᠵᠣ ᠭᠤᠶᠣᠯᠠᠨ ᠴᠢᠮᠡᠭᠯᠡᠨᠡ | ᠃ ᠠᠷᠣ ᠲᠠᠯᠠ ᠳᠤᠨᠢ ᠲᠠᠭᠢᠷ ᠬᠡᠯᠡ ᠲᠠᠭᠠᠷᠠᠭᠤᠯᠳᠠᠭ᠃ ᠪᠠᠰᠠ ᠨᠢᠭᠤᠷ ᠢ ᠨᠢ ᠪᠢᠳᠡᠭᠦᠦ ᠬᠢᠵᠦ᠂ ᠱᠢᠷᠦ ᠰᠢᠭᠢᠳᠭᠡᠵᠦ | ᠭᠤᠶᠣᠯᠠᠵᠣ ᠴᠢᠮᠡᠭᠦ ᠨᠢ ᠴᠣ᠋ ᠪᠣᠢ᠃ | ᠲᠠᠪᠠᠯ ᠤᠨ ᠮᠦᠩᠭᠦᠨ ᠲᠣᠪᠴᠢ | ᠲᠠᠪᠠᠯ ᠤᠨ ᠮᠦᠩᠭᠦᠨ ᠲᠣᠪᠴᠢ ᠪᠣᠯ ᠲᠠᠪᠠᠯ ᠳᠤ ᠬᠢᠳᠡᠭ ᠡᠳ᠋ ᠪᠢᠯᠡ᠃ ᠲᠡᠭᠦᠨ ᠢ ᠶᠡᠭᠡ ᠪᠡᠶᠡ ᠶᠢ ᠨᠢ | ᠭᠤᠣᠯᠳᠠᠭᠤ ᠲᠣᠪᠴᠢ ᠮᠡᠳᠣ ᠬᠢᠵᠦ᠂ ᠲᠣᠣᠷᠠᠳᠣ ᠬᠡᠰᠡᠭ ᠢ ᠨᠢ ᠮᠦᠩᠭᠦᠨ ᠡᠳ᠋ ᠢᠶᠠᠷ ᠬᠢᠳᠡᠭ᠃ ᠲᠡᠭᠦᠨ ᠤ | ᠣᠵᠣᠭᠤᠷ ᠤᠨ ᠬᠡᠰᠡᠭ ᠢ ᠲᠣᠪᠤ ᠬᠡᠯᠪᠡᠷᠢᠳᠡᠢ ᠬᠢᠵᠦ᠂ ᠪᠣᠰᠣᠳ ᠬᠡᠰᠡᠭ ᠢ ᠨᠢ ᠬᠤᠶᠠᠷ ᠬᠡᠰᠡᠭ ᠲᠤ ᠬᠤᠪᠢᠶᠠᠵᠣ᠂ | ᠲᠠᠪᠠᠯ ᠤᠨ ᠰᠢᠯᠪᠢ ᠳᠤ ᠣᠷᠢᠶᠠᠵᠣ ᠣᠷᠣᠬᠤ ᠪᠠᠷ ᠰᠦᠪᠡᠭᠴᠢ ᠲᠠᠢ ᠬᠢᠳᠡᠭ ᠶᠣᠮ᠃ ᠪᠠᠷᠭᠤᠴᠣᠳ ᠤᠨ ᠲᠣᠮᠳᠠ | ᠡᠯᠳᠡᠪ ᠤᠨ ᠶᠠᠩᠵᠣ ᠪᠦᠭᠦᠢ ᠰᠠᠭᠤᠷᠢ ᠲᠠᠢ ᠰᠦᠪᠡᠭᠴᠢ ᠣᠯᠠᠨ ᠶᠠᠩᠵᠣ ᠪᠠᠶᠢᠬᠤ ᠶᠣᠮ᠃ | ᠪᠠᠷᠭᠤᠴᠣᠳ ᠤᠨ ᠲᠣᠮᠳᠠ ᠡᠯᠡ ᠮᠠᠶ᠋ᠢᠭ ᠤᠨ ᠲᠣᠪᠴᠢ ᠣᠯᠠᠨ ᠪᠠᠶᠢᠳᠠᠭ ᠪᠦᠭᠡᠳ ᠪᠦᠷ ᠯᠡ ᠬᠤᠪᠴᠠᠰᠣ | ᠬᠤᠨᠠᠷ ᠲᠤ ᠵᠠᠰᠠᠯ ᠴᠢᠮᠡᠭ ᠪᠣᠯᠵᠣ ᠴᠢᠳᠠᠨᠠ᠃ ᠪᠦᠷ ᠯᠡ ᠡᠮᠦᠰᠴᠣ ᠪᠦᠬᠦᠢ ᠬᠦᠮᠦᠰ ᠤᠨ ᠢᠶᠠᠨ ᠭᠦᠰᠠᠯ | ᠱᠠᠭᠠᠷᠳᠠᠯᠭᠠ ᠳᠤ ᠨᠠᠶᠢᠴᠡᠵᠦ ᠴᠢᠳᠠᠳᠠᠭ ᠪᠦᠭᠡᠳ ᠣᠷᠠᠨ ᠨᠠᠷᠢᠨ ᠡᠳ᠋ ᠬᠡᠷᠡᠭᠯᠡᠯ ᠳᠤ ᠪᠠᠭᠳᠠᠨᠠ᠃ | ᠵᠢᠯᠪᠡᠩ ᠤᠨ ᠪᠣᠭᠤᠯᠳᠠ | ᠪᠦᠰᠡᠳᠡᠶᠢᠴᠣᠳ᠂ ᠡᠪᠣᠯ ᠤᠨ ᠡᠷᠢᠨ ᠳᠤ ᠮᠣᠷᠢᠳᠡᠢ ᠶᠠᠪᠣᠬᠤ ᠳᠠᠭᠠᠨ ᠲᠠᠪᠠᠯ ᠤᠨ ᠲᠣᠳᠣᠭᠠᠳᠣ ᠬᠤᠷᠮᠣᠢ ᠶᠢ | ᠬᠡᠶᠢᠰᠬᠦ ᠠᠴᠠ ᠰᠡᠷᠭᠡᠶᠢᠯᠡᠵᠦ ᠪᠠᠷᠢᠵᠣ ᠪᠣᠭᠤᠳᠠᠭ᠃ ᠡᠨᠡ ᠪᠣᠭᠤᠬᠤ ᠬᠡᠷᠡᠭᠰᠡᠯ ᠢ ᠵᠢᠯᠪᠡᠩ ᠤᠨ ᠪᠣᠭᠤᠯᠳᠠ ᠭᠡᠳᠡᠭ᠃ | ᠵᠢᠯᠪᠡᠩ ᠤᠨ ᠪᠣᠭᠤᠯᠳᠠ ᠶᠢ ᠰᠣᠷ ᠢᠶᠠᠷ ᠬᠢᠪᠡᠯ ᠵᠠᠪᠠᠯ ᠭᠤᠷᠭᠢ ᠲᠠᠭᠠᠷᠠᠭᠤᠯᠳᠠᠭ᠃ ᠡᠶᠢᠮᠦ ᠭᠤᠷᠬᠢ ᠳᠤ ᠮᠦᠩᠭᠦ ᠪᠠᠷ | ᠬᠢᠳᠡᠭ᠃ ᠪᠣᠭᠤᠯᠳᠠ ᠶᠢᠨ ᠦᠵᠦᠭᠦᠷ ᠲᠤ ᠮᠦᠩᠭᠦᠨ ᠪᠦᠯᠡᠵᠢ ᠲᠠᠭᠠᠷᠠᠭᠤᠯᠵᠣ ᠴᠢᠮᠡᠭᠯᠡᠬᠦ ᠪᠦᠭᠡᠳ ᠭᠤᠷᠭᠢ ᠶᠢᠨ | ᠠᠷᠣ ᠳᠤ ᠮᠦᠩᠭᠦᠨ ᠲᠠᠳᠠᠭᠤᠷᠭᠠ ᠬᠢᠵᠦ ᠭᠤᠶᠣᠯᠠᠨᠠ᠃ | ᠪᠦᠯᠡᠵᠢ ᠭᠤᠷᠭᠢ ᠪᠣᠯ ᠡᠷᠡ ᠭᠦᠮᠦᠨ ᠳᠤ ᠡᠷᠬᠡᠪᠰᠢ ᠪᠠᠶᠢᠬᠤ ᠵᠦᠢᠯ ᠪᠦᠭᠡᠳ ᠲᠡᠭᠦᠨ ᠢ ᠣᠷᠠᠯᠢᠭ ᠰᠠᠶᠢᠬᠠᠨ ᠬᠢᠵᠦ᠂ | ᠡᠷᠡ ᠬᠦᠮᠦᠨ ᠤ ᠵᠠᠰᠠᠯ ᠴᠢᠮᠡᠭᠯᠡᠯ ᠤᠨ ᠨᠢᠭᠡ ᠵᠦᠢᠯ ᠪᠣᠯᠭᠠᠵᠣ ᠶᠠᠪᠣᠳᠠᠭ ᠵᠠᠩᠰᠢᠯ ᠲᠠᠢ ᠶᠣᠮ᠃ | ᠬᠦᠭᠡᠷᠭᠡ | ᠪᠠᠷᠭᠤᠴᠣᠳ ᠬᠦᠭᠡᠷᠭᠡ ᠨᠡᠶᠢᠳᠡᠮ ᠬᠡᠷᠡᠭᠯᠡᠨᠡ᠃ ᠬᠦᠭᠡᠷᠭᠡ ᠨᠢ ᠮᠠᠨᠣ᠂ ᠭᠠᠷᠳᠠᠮ ᠵᠡᠷᠭᠡ ᠡᠷᠳᠡᠨᠢ ᠶᠢᠨ | ᠴᠢᠯᠠᠭᠤ ᠪᠠᠶᠢᠳᠠᠭ᠃ ᠲᠡᠭᠦᠨ ᠤ ᠶᠡᠭᠡ ᠪᠡᠶᠡ ᠨᠢ ᠬᠠᠪᠳᠠᠭᠠᠢ ᠬᠡᠯᠪᠡᠷᠢᠳᠡᠢ ᠪᠠᠶᠢᠬᠤ ᠨᠢ ᠣᠯᠠᠨᠳᠠᠢ᠃ ᠬᠦᠭᠡᠷᠭᠡ ᠨᠢ | ᠲᠣᠯᠣᠭᠠᠢ᠂ ᠬᠦᠵᠦᠭᠦᠦ᠂ ᠮᠦᠷᠦ᠂ ᠬᠠᠪᠢᠷᠭᠠ᠂ ᠲᠡᠭᠰᠢ ᠰᠠᠭᠤᠷᠢ ᠵᠡᠷᠭᠡ ᠪᠦᠳᠦᠴᠡ ᠲᠠᠢ ᠶᠣᠮ᠃ | ᠬᠦᠭᠡᠷᠭᠡ ᠶᠢᠨ ᠲᠣᠯᠣᠭᠠᠢ ᠳᠤ ᠱᠢᠷᠦ ᠰᠠᠭᠤᠯᠭᠠᠳᠠᠭ᠃ ᠡᠨᠡ ᠰᠠᠭᠤᠷᠢ ᠶᠢ ᠮᠦᠩᠭᠦ ᠪᠠᠷ ᠬᠢᠳᠡᠭ᠃ | ᠰᠠᠭᠤᠷᠢ ᠨᠢ ᠲᠦᠭᠦᠷᠢᠭ ᠬᠡᠯᠪᠡᠷᠢᠳᠡᠢ᠂ ᠶᠡᠭᠡ ᠪᠠᠭᠠ ᠨᠢ ᠲᠣᠯᠣᠭᠠᠢ ᠲᠠᠢ ᠪᠠᠨ ᠠᠳᠠᠯᠢ᠃ ᠵᠣᠵᠠᠭᠠᠨ ᠨᠢᠮᠭᠡᠨ ᠨᠢ ᠴᠣ᠋ | ᠠᠳᠠᠯᠢ ᠦᠭᠡᠢ᠃ ᠱᠢᠷᠦ ᠪᠠᠨ ᠬᠠᠪᠳᠠᠭᠠᠢ ᠰᠠᠭᠤᠷᠢᠨ ᠲᠡᠭᠡᠷᠡ ᠰᠠᠭᠤᠯᠭᠠᠨᠠ᠃ ᠰᠠᠭᠤᠷᠢ ᠨᠢ ᠮᠦᠩᠭᠦᠨ ᠭᠦᠪᠡᠭᠡ ᠲᠠᠢ | ᠪᠦᠭᠡᠳ ᠱᠢᠷᠦ ᠪᠠᠨ ᠪᠠᠷᠢᠬᠤ ᠢᠷᠮᠡᠭ ᠲᠠᠢ᠃ ᠰᠠᠭᠤᠷᠢ ᠶᠢᠨ ᠲᠣᠣᠷᠠᠳᠣ ᠪᠡᠶᠡ ᠳᠤ ᠬᠦᠭᠡᠷᠭᠡᠨ ᠤ ᠠᠮᠠᠰᠠᠷ ᠲᠤ | ᠲᠣᠬᠢᠷᠠᠭᠰᠠᠨ ᠪᠣᠯᠴᠤᠣ ᠲᠠᠢ᠂ ᠡᠭᠦᠨ ᠤ ᠲᠣᠣᠷᠠᠳᠣ ᠲᠠᠯᠠ ᠳᠤ ᠪᠢᠴᠢᠬᠠᠨ ᠮᠦᠩᠭᠦᠨ ᠬᠠᠯᠪᠠᠭᠠ ᠭᠠᠩᠨᠠᠳᠠᠭ᠃ | ᠬᠦᠭᠡᠷᠭᠡ ᠪᠠᠨ ᠭᠤᠶᠣ ᠬᠠᠳᠬᠤᠮᠠᠯ ᠲᠠᠢ ᠬᠦᠭᠡᠷᠭᠡᠨ ᠤ ᠰᠠᠪᠠ ︵ᠲᠠᠯᠢᠦᠷ︶ ᠳᠤ ᠬᠢᠵᠦ ᠪᠦᠰᠠᠨ ᠤ ᠵᠡᠭᠦᠨ | ᠲᠠᠯᠠ ᠠᠴᠠ ᠬᠠᠪᠴᠢᠭᠤᠯᠵᠣ ᠵᠡᠭᠦᠳᠡᠭ᠃ ᠪᠠᠷᠭᠤᠴᠣᠳ ᠠᠭᠤᠯᠵᠠᠨ ᠵᠣᠯᠭᠠᠯᠴᠠᠬᠤ ᠳᠤ ᠪᠠᠨ ᠬᠦᠭᠡᠷᠭᠡ ᠪᠠᠨ | ᠰᠣᠯᠢᠯᠴᠠᠵᠣ ᠬᠦᠨᠳᠦᠳᠭᠡᠯ ᠳᠤ ᠬᠡᠷᠡᠭᠯᠡᠳᠡᠭ᠃ ᠬᠠᠮᠠᠷ ᠤᠨ ᠲᠠᠮᠠᠬᠢ ᠲᠠᠳᠠᠭᠰᠠᠳ ᠴᠣ᠋ ᠬᠦᠭᠡᠷᠭᠡᠨ ᠤ ᠲᠣᠳᠣᠷᠠ | ᠬᠠᠮᠠᠷ ᠤᠨ ᠲᠠᠮᠠᠬᠢ ᠬᠢᠵᠦ ᠪᠠᠶᠢᠩᠭᠤ ᠵᠠᠷᠣᠳᠠᠭ᠃ | ᠪᠠᠷᠭᠤᠴᠣᠳ ᠲᠡᠭᠦᠨ ᠢ ᠪᠠᠶᠢᠩᠭᠤ ᠠᠪᠴᠦ ᠶᠠᠪᠣᠳᠠᠭ᠂ ᠦᠷᠭᠦᠯᠵᠢ ᠬᠡᠷᠡᠭᠯᠡᠳᠡᠭ᠂ ᠨᠡᠶᠢᠳᠠ ᠶᠢᠨ | ᠭᠤᠶᠣᠮᠰᠤᠭ ᠰᠠᠶᠢᠬᠠᠨ ᠡᠳ᠋ᠯᠡᠯ ᠶᠣᠮ᠃ | ᠭᠠᠩᠰᠠᠨ ᠤ ᠮᠦᠩᠭᠦᠨ ᠬᠡᠷᠡᠭᠯᠡᠯ | ᠪᠠᠷᠭᠤᠴᠣᠳ᠂ ᠲᠠᠮᠠᠬᠢ ᠲᠠᠳᠠᠬᠤ ᠳᠠᠭᠠᠨ ᠮᠦᠩᠭᠦᠨ ᠭᠠᠩᠰᠠ ᠬᠡᠷᠡᠭᠯᠡᠳᠡᠭ᠃ ᠭᠠᠩᠰᠠ ᠨᠢ ᠲᠣᠯᠣᠭᠠᠢ᠂ | ᠮᠣᠳᠣ᠂ ᠰᠣᠷᠣᠭᠤᠯ ᠵᠡᠷᠭᠡ ᠠᠴᠠ ᠪᠦᠳᠦᠨᠡ᠃ ᠭᠠᠩᠰᠠᠨ ᠤ ᠲᠣᠯᠣᠭᠠᠢ ᠶᠢ ᠮᠦᠩᠭᠦ ᠪᠠᠷ ᠴᠣ᠋ ᠬᠢᠳᠡᠭ᠃ | ᠲᠣᠯᠣᠭᠠᠢ ᠶᠢ ᠪᠠᠰᠠ ᠬᠤᠭᠤᠯᠠᠢ ︵ᠬᠦᠵᠦᠭᠦᠦ︶᠂ ᠰᠢᠯᠪᠢ ᠲᠠᠢ᠃ ᠡᠳᠡᠭᠡᠷ ᠨᠢ ᠬᠤᠸᠠᠷ ᠲᠠᠢ ᠴᠣ᠋ ᠪᠣᠢ᠂ ᠬᠤᠸᠠᠷ | ᠦᠭᠡᠢ ᠴᠣ᠋ ᠪᠣᠢ᠃ ᠭᠠᠩᠰᠠᠨ ᠤ ᠮᠦᠩᠭᠦᠨ ᠲᠣᠯᠣᠭᠠᠢ ᠶᠢᠨ ᠬᠡᠯᠪᠡᠷᠢ ᠨᠢ ᠦᠨᠳᠦᠰᠦᠨ ᠲᠡᠭᠡᠷᠡ ᠪᠠᠨ ᠠᠳᠠᠯᠢᠪᠳᠣᠷ | ᠪᠠᠶᠢᠳᠠᠭ ᠴᠣ᠋ ᠪᠦᠳᠦᠭᠦᠨ ᠪᠠᠭᠠ᠂ ᠰᠢᠯᠪᠢ ᠶᠢᠨ ᠣᠷᠳᠣ ᠪᠣᠭᠤᠨᠢ ᠨᠢ ᠲᠣᠯᠣᠭᠠᠢ ᠲᠠᠢ ᠪᠠᠨ ᠲᠣᠭᠢᠷᠠᠯᠴᠠᠬᠤ ᠬᠡᠷᠡᠭᠳᠡᠢ᠃ | ᠭᠠᠩᠰᠠᠨ ᠳᠤ ᠭᠡ ᠣᠭᠠᠯᠵᠠ ᠴᠣᠬᠢᠬᠰᠠᠨ ᠨᠢ ᠪᠠᠶᠢᠳᠠᠭ᠃ ᠭᠠᠩᠰᠠᠨ ᠳᠤ ᠪᠠᠰᠠ ᠮᠣᠳᠣᠨ ᠰᠣᠷᠣᠭᠤᠯ ᠲᠠᠢ᠃ | ᠣᠷᠳᠣ ᠣᠬᠤᠷ ᠨᠢ ᠠᠳᠠᠯᠢ ᠦᠭᠡᠢ᠃ ᠪᠠᠰᠠ ᠭᠠᠩᠰᠠᠨ ᠳᠤ ᠮᠠᠨᠣ᠂ ᠭᠠᠷᠳᠠᠮ᠂ ᠨᠤᠭᠤᠭᠠᠨ ᠬᠠᠰ ᠵᠡᠷᠭᠡ ᠦᠨᠡᠳᠣ | ᠡᠷᠳᠡᠨᠢᠰ ᠤᠨ ᠴᠢᠯᠠᠭᠤ ᠶᠢ ᠰᠣᠩᠭᠤᠨ ᠬᠡᠷᠡᠭᠯᠡᠨᠡ᠃ ᠲᠡᠭᠦᠨ ᠤ ᠣᠷᠳᠣ ᠣᠬᠤᠷ᠂ ᠪᠦᠳᠦᠭᠦᠨ ᠨᠠᠷᠢᠨ ᠨᠢ ᠠᠳᠠᠯᠢ | ᠦᠭᠡᠢ᠃ ᠡᠷᠳᠡᠨᠢᠰ ᠤᠨ ᠴᠢᠯᠠᠭᠤᠨ ᠰᠣᠷᠣᠭᠤᠯ ᠬᠡᠷᠡᠭᠯᠡᠬᠦ ᠨᠢ ᠨᠦᠯᠦᠭᠡ ᠵᠡᠷᠭᠡ ᠡᠪᠡᠳᠴᠢᠨ ᠢ ᠵᠠᠰᠠᠬᠤ | ᠦᠢᠯᠡᠳᠣᠯ ᠲᠠᠢ ᠭᠡᠨᠡ᠃ | ᠲᠠᠮᠠᠬᠢᠨ ᠤ ᠮᠦᠩᠭᠦᠨ ᠡᠳ᠋ᠯᠡᠯ ᠳᠤ ᠴᠣᠬᠢᠭᠤᠷ ︵ᠴᠤᠭᠢᠯᠠᠭᠤᠷ︶᠂ ᠭᠠᠩᠰᠠᠨ ᠤ ᠰᠣᠶᠤᠭᠠ ︵ᠰᠡᠳᠦᠭᠦᠷ︶ | ᠭᠡᠵᠦ ᠲᠣᠰᠬᠠᠢ ᠬᠡᠷᠡᠭᠯᠡᠯ ᠪᠣᠢ᠃ ᠪᠠᠰᠠ ᠡᠨᠡ ᠬᠤᠶᠠᠷ ᠢ ᠬᠤᠯᠪᠣᠳᠠᠭ ᠮᠦᠩᠭᠦᠨ ᠰᠦᠯᠵᠢᠮᠡᠷ ᠴᠣ᠋ ᠪᠣᠢ᠃ | ᠴᠣᠬᠢᠭᠤᠷ ᠨᠢ ᠲᠠᠮᠠᠬᠢᠨ ᠤ ᠭᠠᠯ ᠢ ᠴᠣᠬᠢᠬᠤ᠂ ᠲᠠᠮᠠᠬᠢ ᠨᠣᠴᠣᠭᠠᠬᠤ ᠦᠢᠯᠡᠳᠣᠯ ᠲᠠᠢ ᠶᠣᠮ᠃ ᠲᠦᠭᠦᠷᠢᠭ ᠭᠦᠩᠭᠦᠷ | ᠬᠡᠯᠪᠡᠷᠢᠳᠡᠢ᠂ ᠣᠷᠣᠢ ᠲᠡᠭᠡᠷᠡ ᠨᠢ ᠰᠦᠪᠡᠭᠴᠢ ᠭᠠᠩᠨᠠᠵᠣ ᠮᠦᠩᠭᠦ ᠲᠠᠭᠠᠷᠠᠭᠤᠯᠳᠠᠭ᠃ ᠰᠣᠶᠤᠭᠠ ᠨᠢ ᠭᠠᠩᠰᠠᠨ ᠤ | ᠪᠣᠬᠢ ᠪᠣᠷᠭᠤᠶᠢᠳᠠᠬᠤ ᠲᠡᠭᠡᠭᠡ ᠪᠣᠯᠣᠨᠠ᠃ ᠲᠣᠭᠤᠷᠢᠭ ᠬᠡᠯᠪᠡᠷᠢᠳᠡᠢ᠃ ᠴᠣᠬᠢᠭᠤᠷ ᠪᠠ ᠰᠣᠶᠤᠭᠠ ᠳᠤ ᠲᠣᠰ ᠪᠦᠷᠢ | ᠮᠦᠩᠭᠦᠨ ᠰᠦᠯᠵᠢᠮᠡᠷ ᠲᠠᠢ᠂ ᠡᠨᠡ ᠬᠤᠶᠠᠷ ᠢ ᠮᠦᠩᠭᠦᠨ ᠵᠣᠭᠤᠰ ᠢᠶᠠᠷ ᠬᠤᠯᠪᠣᠳᠠᠭ᠃ | ᠭᠠᠩᠰᠠᠨ ᠳᠤ ᠪᠠᠰᠠ ᠬᠢᠵᠦ ᠶᠠᠪᠣᠳᠠᠭ ᠲᠣᠭᠳᠣᠢ᠂ ᠲᠠᠮᠠᠭᠢᠨ ᠤ ᠠᠯᠴᠢᠭᠤᠷ ︵ᠲᠠᠶᠢᠯᠣᠷ︶ ᠵᠡᠷᠭᠡ ᠪᠣᠢ᠃ | ᠭᠠᠩᠰᠠ ᠪᠠᠨ ᠭᠤᠳᠣᠯ ᠤᠨ ᠲᠦᠷᠡᠢ ᠳᠡᠭᠡᠨ ᠰᠢᠷᠭᠤᠭᠤᠯᠬᠤ ︵ᠲᠦᠷᠡᠶᠢᠪᠴᠢᠨ ᠳᠤ ᠬᠢᠬᠦ︶ ᠵᠡᠷᠭᠡ ᠪᠠᠷ ᠶᠠᠪᠣᠬᠤ ᠨᠢ | ᠨᠡᠶᠢᠳᠡᠮ᠃ ᠲᠠᠮᠠᠬᠢᠨ ᠤ ᠠᠯᠴᠢᠭᠤᠷ ᠢ ᠪᠣᠯ ᠪᠦᠰᠡᠨ ᠳᠡᠭᠡᠨ ᠰᠣᠪᠢᠳᠠᠳᠠᠭ᠃ | ᠪᠠᠷᠭᠤᠴᠣᠳ ᠤᠨ ᠲᠣᠳᠣᠷᠠ ᠡᠷᠡᠭᠳᠡᠶᠢᠴᠣᠳ᠂ ᠡᠮᠡᠭᠳᠡᠶᠢᠴᠣᠳ ᠪᠦᠷ ᠲᠠᠮᠠᠬᠢ ᠲᠠᠳᠠᠵᠣ ᠪᠣᠯᠣᠨᠠ᠃ ᠪᠠᠷᠭᠤᠴᠣᠳ | ᠬᠠᠷᠢᠯᠴᠠᠨ ᠠᠭᠤᠯᠵᠠᠬᠤ ᠳᠠᠭᠠᠨ ᠲᠠᠮᠠᠬᠢᠯᠠᠳᠠᠭ᠃ ᠢᠯᠡᠩᠭᠤᠶᠠ ᠨᠠᠰᠣᠳᠠᠶᠢᠴᠣᠳ ᠢᠩᠬᠢᠬᠦ ᠨᠢ ᠨᠡᠩ ᠦᠯᠡᠮᠵᠢ᠃ | ︽ᠲᠠᠪᠣᠨ ᠰᠠᠪᠠᠭᠠ ᠦᠭᠡᠢ︾ ᠪᠠᠭᠠᠵᠢ | ᠪᠠᠷᠭᠤᠴᠣᠳ ᠤᠨ ᠲᠣᠮᠳᠠ ︽ᠲᠡᠪᠣᠨ ᠰᠠᠪᠠᠭᠠ ᠦᠭᠡᠢ︾ ᠪᠠᠭᠠᠵᠢ ᠬᠡᠮᠡᠬᠦ ᠪᠣᠢ᠃ ᠡᠨᠡ ᠨᠢ ᠬᠡᠯᠡᠨ ᠤ | ᠬᠤᠰᠣᠭᠤᠷ᠂ ᠰᠢᠳᠣᠨ ᠤ ᠴᠢᠭᠴᠢᠯᠡᠭᠦᠷ᠂ ᠴᠢᠬᠢᠨ ᠤ ᠮᠠᠯᠳᠠᠭᠤᠷ᠂ ᠰᠠᠬᠠᠯ ᠤᠨ ᠰᠠᠮ᠂ ᠰᠠᠬᠠᠯ ᠤᠨ ᠴᠢᠮᠭᠢᠭᠦᠷ ᠵᠡᠷᠭᠡ | ᠵᠦᠢᠯ ᠪᠣᠢ᠃ ᠡᠳᠡᠭᠡᠷ ᠢ ᠴᠦᠮ ᠨᠢᠭᠡᠳᠭᠡᠵᠦ᠂ ᠲᠠᠪᠣᠨ ᠵᠦᠢᠯ ᠢ ᠬᠠᠮᠳᠣᠷᠠᠭᠤᠯᠣᠨ ᠠᠰᠢᠭᠯᠠᠬᠤ ᠵᠣᠷᠢᠯᠭᠠ ᠲᠠᠢ ᠪᠠᠷ | ᠪᠦᠭᠦᠳᠡ ᠶᠢ ᠨᠢᠭᠡᠳᠭᠡᠵᠦ ᠴᠦᠮ ᠢ ᠨᠢᠭᠡᠨ ᠲᠣᠣᠷᠠ ᠪᠠᠶᠢᠯᠭᠠᠬᠤ ᠪᠠᠷ ᠴᠢᠷᠮᠠᠶᠢᠳᠠᠭ ᠪᠢᠯᠡ᠃ ᠡᠬᠦᠨ ᠢ ᠪᠠᠰᠠ ᠨᠢᠭᠡ | ᠨᠢᠭᠡ ᠪᠠᠷ ᠰᠠᠪᠠᠯᠠᠵᠦ᠂ ᠲᠣᠰᠬᠠᠢ ᠬᠡᠷᠡᠭᠴᠡᠭᠡ ᠪᠠᠷ ᠠᠵᠢᠯᠯᠠᠭᠤᠯᠬᠤ ᠪᠠᠷ ᠴᠢᠷᠮᠠᠶᠢᠵᠣ ᠪᠠᠶᠢᠬᠤ ᠨᠢ ᠴᠣ᠋ ᠪᠣᠢ᠃ ᠡᠨᠡ | ᠪᠣᠯ ᠪᠠᠷᠭᠤᠴᠣᠳ ᠠᠴᠠ ᠭᠠᠷ ᠤᠨ ᠭᠡᠷᠡᠭᠴᠡᠭᠡ ᠠᠴᠠ ᠪᠣᠯᠵᠣ ᠪᠠᠶᠢᠭᠠ ᠶᠠᠪᠣᠳᠠᠯ ᠶᠣᠮ᠃ | ᠬᠠᠵᠠᠭᠠᠷ᠂ ᠡᠮᠡᠭᠡᠯ᠂ ᠲᠠᠰᠢᠭᠤᠷ᠂ ᠬᠤᠰᠣᠭᠤᠷ ᠤᠨ ᠮᠦᠩᠭᠦᠨ ᠬᠡᠷᠡᠭᠯᠡᠯ | ᠮᠣᠷᠢᠨ ᠤ ᠬᠠᠵᠠᠭᠠᠷ᠂ ᠡᠮᠡᠭᠡᠯ ᠤᠨ ᠮᠦᠩᠭᠦᠨ ᠬᠡᠷᠡᠭᠯᠡᠯ ᠢ ᠪᠠᠷᠭᠤᠴᠣᠳ ᠡᠷᠳᠡ ᠠᠴᠠ ᠬᠡᠷᠡᠭᠯᠡᠵᠦ ᠢᠷᠡᠵᠡᠢ᠃ | | ᠮᠣᠷᠢᠨ ᠤ ᠬᠠᠵᠠᠭᠠᠷ ᠲᠤ ᠬᠤᠶᠠᠷ ᠪᠠᠭᠤᠪᠴᠢ ᠶᠢ ᠮᠦᠩᠭᠦ ᠪᠠᠷ ᠬᠢᠬᠦ ᠠᠴᠠ ᠭᠠᠳᠠᠨᠠ ᠬᠠᠵᠠᠭᠠᠷ ᠤᠨ | ᠠᠮᠠᠨ ᠳᠤ ᠭᠠᠣᠯᠢᠨ ᠲᠣᠪᠴᠢ ᠬᠢᠳᠡᠭ᠃ ᠬᠠᠵᠠᠭᠠᠷ ᠲᠤ ᠪᠦᠷ ᠵᠢᠵᠢᠭ ᠵᠢᠵᠢᠭ ᠪᠦᠷᠭᠦᠪᠴᠢ ᠲᠠᠢ ᠨᠢᠮᠭᠡᠨ ᠨᠢᠮᠭᠡᠨ | ᠪᠦᠷᠢᠶᠡᠰᠦ ᠲᠠᠢ ᠢᠯᠳᠡᠰᠦ ᠶᠢ ᠲᠠᠭᠠᠷᠠᠭᠤᠯᠵᠣ ᠬᠢᠳᠡᠭ᠃ ᠴᠢᠬᠢᠨ ᠤ ᠬᠡᠰᠡᠭ ᠲᠤ ᠵᠢᠵᠢᠭ ᠵᠢᠵᠢᠭ ᠬᠡᠯᠪᠡᠷᠢᠳᠡᠢ | ᠮᠦᠩᠭᠦᠨ ᠬᠡᠷᠡᠴᠢ ᠶᠢ ᠲᠣᠭᠢᠷᠠᠭᠤᠯᠵᠣ᠂ ᠵᠡᠭᠦᠨ ᠪᠠᠷᠠᠭᠤᠨ ᠲᠠᠯᠠ ᠳᠤ ᠬᠤᠣᠰ ᠬᠤᠣᠰ ᠢᠶᠠᠷ ᠬᠢᠳᠡᠭ᠃ | ᠮᠣᠷᠢᠨ ᠤ ᠡᠮᠡᠭᠡᠯ ᠳᠤ ᠲᠦᠷᠪᠡᠨ ᠪᠦᠯᠡᠵᠢ᠂ ᠬᠤᠶᠠᠷ ᠪᠠᠭᠤᠪᠴᠢ᠂ ᠲᠣᠮᠳᠠ ᠬᠡᠰᠡᠭ ᠲᠤ ᠶᠡᠭᠡ ᠪᠠᠭᠠ | ᠬᠤᠶᠠᠷ ᠪᠠᠭᠤᠪᠴᠢ᠂ ᠡᠮᠡᠭᠡᠯ ᠤᠨ ᠲᠦᠷᠪᠡᠨ ᠲᠠᠷᠣᠭᠤᠯᠭᠠ ᠶᠢ ᠪᠦᠷ ᠮᠦᠩᠭᠦ ᠪᠠᠷ ᠬᠢᠳᠡᠭ ᠪᠢᠯᠡ᠃ ᠡᠮᠡᠭᠡᠯ ᠳᠤ | ᠬᠡᠷᠡᠭᠯᠡᠳᠡᠭ ᠮᠦᠩᠭᠦᠨ ᠲᠠᠷᠣᠭᠤᠯᠭᠠ ᠶᠢᠨ ᠲᠡᠭᠡᠷᠡᠬᠢ ᠣᠭᠠᠯᠵᠠ ᠬᠤᠸᠡᠷ ᠨᠢ ᠪᠦᠷ ᠠᠰ ᠠᠰ ᠲᠠᠭᠠᠨ ᠬᠤᠸᠡᠷ ᠲᠠᠢ | ᠪᠦᠭᠡᠳ ᠶᠠᠩᠵᠣ ᠬᠡᠯᠪᠡᠷᠢ ᠨᠢ ᠴᠣ᠋ ᠣᠯᠠᠨ ᠪᠠᠶᠢᠳᠠᠭ᠃ | ᠪᠠᠰᠠ ᠡᠮᠡᠭᠡᠯ ᠤᠨ ᠱᠣᠭᠤᠪᠣᠷ᠂ ᠬᠢᠵᠢᠮ ᠤᠨ ᠵᠠᠢ ᠳᠤ ᠪᠦᠷ ᠵᠢᠵᠢᠭ ᠵᠢᠵᠢᠭ ᠮᠦᠩᠭᠦᠨ ᠬᠠᠳᠠᠭᠠᠰᠣ ᠶᠢ ᠰᠢᠭᠢᠳᠬᠡᠵᠦ | ᠲᠠᠯᠪᠢᠳᠠᠭ᠃ | ᠪᠠᠷᠭᠤᠴᠣᠳ ᠡᠮᠡᠭᠡᠯ ᠢᠶᠠᠨ ᠴᠡᠪᠡᠷ ᠰᠠᠶᠢᠬᠠᠨ ᠠᠪᠴᠣ ᠶᠠᠪᠣᠬᠤ ᠶᠢ ᠠᠯᠢ ᠡᠷᠳᠡ ᠠᠴᠠ ᠡᠬᠢᠯᠡᠵᠦ | ᠣᠷᠣᠯᠳᠣᠭᠰᠠᠨ ᠪᠦᠭᠡᠳ ᠡᠮᠡᠭᠡᠯ ᠢᠶᠠᠨ ᠦᠭᠡᠳᠡ ᠨᠢ ᠬᠠᠷᠠᠭᠤᠯᠵᠣ ᠲᠠᠯᠪᠢᠬᠤ᠂ ᠵᠠᠪᠠᠯ ᠨᠠᠷᠠᠨ ᠵᠦᠪ ᠪᠠᠶᠢᠯᠭᠠᠬᠤ᠂ | ᠬᠡᠵᠢᠶᠡᠳᠡ ᠲᠡᠭᠰᠢ ᠴᠡᠪᠡᠷ ᠪᠠᠶᠢᠯᠭᠠᠬᠤ ᠶᠢ ᠣᠨᠴᠠ ᠠᠩᠬᠠᠷᠳᠠᠭ ᠪᠠᠶᠢᠨᠠ᠃ | ᠮᠣᠷᠢᠨ ᠤ ᠠᠵᠢᠯ ᠳᠤ ᠪᠠᠰᠠ ᠲᠠᠰᠢᠭᠤᠷ ᠤᠨ ᠮᠦᠩᠭᠦᠨ ᠬᠡᠷᠡᠭᠯᠡᠯ ᠪᠠᠭᠳᠠᠨᠠ᠃ ᠲᠠᠰᠢᠭᠤᠷ ᠲᠤ ᠲᠡᠭᠦᠨ ᠤ | ᠭᠠᠷ ᠲᠠᠯᠠ ᠳᠤᠨᠢ ᠨᠠᠭᠠᠳᠠᠭ ᠮᠦᠩᠭᠦᠨ ᠪᠠᠷᠢᠨᠳᠠᠭ ᠪᠠᠶᠢᠳᠠᠭ᠃ ᠪᠠᠰᠠ ᠵᠠᠷᠢᠮ ᠬᠦᠮᠦᠨ ᠤ ᠪᠠᠷᠢᠳᠠᠭ ᠲᠠᠰᠢᠭᠤᠷ ᠲᠤ | ᠮᠦᠩᠭᠦᠨ ᠪᠦᠯᠡᠵᠢ ᠬᠤᠣᠰ ᠢᠶᠠᠷ ᠲᠡᠭᠦᠵᠢᠯᠡᠵᠦ ᠶᠠᠪᠣᠳᠠᠭ ᠨᠢ ᠪᠣᠢ᠃ | ᠮᠣᠷᠢᠨ ᠳᠤ ᠪᠠᠷᠢᠳᠠᠭ ᠬᠤᠰᠣᠭᠤᠷ ᠤᠨ ᠲᠣᠳᠣᠷᠠ ᠲᠡᠭᠡᠳᠣ ᠨᠢᠭᠤᠷ ᠢ ᠴᠣ᠋ ᠠᠯᠳᠠ ᠪᠠᠷ ᠪᠠᠷᠢᠭᠰᠠᠨ | ᠪᠠᠶᠢᠳᠠᠭ ᠠᠴᠠ ᠭᠠᠳᠠᠨᠠ᠂ ᠪᠦᠬᠦ ᠪᠡᠶᠡ ᠶᠢ ᠠᠯᠳᠠ ᠪᠠᠷ ᠪᠦᠷᠢᠵᠣ ᠪᠣᠭᠤᠭᠰᠠᠨ ᠶᠠᠪᠣᠳᠠᠯ ᠴᠣ᠋ ᠪᠠᠶᠢᠳᠠᠭ᠃ | ᠮᠣᠩᠭᠤᠯᠴᠣᠳ ᠪᠣᠯ ᠦᠪᠡᠷ ᠤᠨ ᠣᠨᠤᠵᠣ ᠡᠳ᠋ᠯᠠᠵᠣ ᠶᠠᠪᠣᠳᠠᠭ ᠠᠳᠣᠭᠤᠨ ᠤ ᠲᠣᠳᠣᠷᠠ ᠮᠣᠷᠢᠨ ᠳᠤ ᠲᠣᠰᠬᠠᠶᠢᠯᠠᠨ | ᠪᠡᠯᠡᠳᠭᠡᠭᠰᠡᠨ ᠵᠦᠢᠯ ᠤᠳ ᠡᠯᠪᠡᠭ ᠪᠠᠶᠢᠳᠠᠭ ᠨᠢ ᠢᠯᠡ ᠮᠡᠳᠡᠭᠳᠡᠨᠡ᠃ | ᠮᠦᠩᠭᠦᠨ ᠲᠣᠪᠣᠷᠣᠣ ᠲᠠᠢ ᠵᠣᠳᠤᠭ | ᠪᠠᠷᠭᠤᠴᠣᠳ ᠪᠦᠭᠡ ᠶᠢᠨ ᠵᠣᠳᠤᠭ ᠲᠠᠭᠠᠨ ᠮᠦᠩᠭᠦᠨ ᠲᠣᠪᠣᠷᠣᠣ ᠲᠠᠢ ᠵᠣᠳᠤᠭ ᠲᠠᠢ ᠪᠣᠯᠣᠭᠰᠠᠭᠠᠷ | ᠣᠳᠠᠵᠠᠢ᠃ ᠪᠦᠭᠡ ᠶᠢᠨ ᠵᠣᠳᠤᠭ ᠤᠨ ᠮᠦᠷᠦ ᠨᠢ 28 — 30 ᠰᠡᠨᠲ᠋ᠢᠮᠧᠳ᠋ᠷ᠂ ᠲᠣᠣᠷᠠᠳᠣ ᠪᠡᠶᠡ ᠨᠢ 25 — | 28 ᠰᠡᠨᠲ᠋ᠢᠮᠧᠳ᠋ᠷ ᠪᠠᠶᠢᠵᠣ᠂ ᠴᠡᠭᠡᠵᠢ ᠦᠷᠭᠡᠨ᠂ ᠲᠣᠣᠭᠤᠷ ᠢᠶᠠᠨ ᠪᠠᠭᠠ᠂ ᠪᠦᠬᠦ ᠪᠡᠶᠡ ᠶᠢ ᠪᠠᠷᠢᠳᠠᠭ ᠦᠭᠡᠢ | ᠣᠨᠴᠠᠯᠢᠭ ᠲᠠᠢ ᠪᠠᠶᠢᠳᠠᠭ᠃ ᠡᠨᠡ ᠬᠦ ᠵᠣᠳᠤᠭ ᠲᠠᠭᠠᠨ ᠮᠦᠷᠦ᠂ ᠲᠠᠯᠣ ᠳᠠᠭᠠᠨ ᠪᠦᠷ ᠠᠯᠳᠠᠨ ᠵᠣᠭᠤᠰ ᠠᠳᠠᠯᠢ | ᠵᠣᠭᠤᠰᠣᠨ ᠮᠦᠩᠭᠦ ᠶᠢ ᠬᠠᠳᠠᠭᠠᠰᠣᠨ ᠳᠤ ᠬᠠᠳᠠᠵᠣ᠂ ᠬᠤᠶᠠᠷ ᠮᠦᠷᠦ᠂ ᠵᠣᠳᠤᠭ ᠤᠨ ᠪᠣᠰᠣᠳ ᠬᠡᠰᠡᠭ ᠲᠤ ᠭᠤᠷᠪᠠ | ᠭᠤᠷᠪᠠ ᠪᠠᠷ ᠬᠠᠳᠠᠵᠣ ᠪᠦᠬᠦᠯᠢ ᠳᠤᠨᠢ ᠰᠢᠷᠭᠡᠭᠴᠢᠯᠡᠨ ᠬᠠᠳᠠᠳᠠᠭ᠃ ᠵᠣᠳᠤᠭ ᠤᠨ ᠲᠣᠣᠷᠠᠳᠣ ᠲᠠᠯᠠ ᠳᠤ ᠠᠷᠠᠰᠣᠨ | ᠡᠳ᠋ ᠢᠶᠠᠷ ᠲᠣᠳᠣᠷᠯᠠᠵᠣ᠂ ᠲᠣᠳᠣᠷᠠ ᠨᠢ ᠰᠤᠷ ᠢᠶᠠᠷ ᠪᠦᠰᠡ ᠬᠢᠵᠣ᠂ ᠪᠦᠬᠦᠯᠢ ᠪᠡᠶᠡ ᠶᠢ ᠪᠠᠷᠢᠨ ᠣᠶᠠᠬᠤ ᠪᠣᠯᠭᠠᠵᠠᠢ᠃ | ᠪᠦᠬᠡ ᠶᠢᠨ ᠵᠣᠳᠤᠭ ᠤᠨ ᠠᠷᠣ ᠲᠠᠯᠠ ᠳᠤ ᠪᠦᠬᠡᠴᠣᠳ ᠦᠪᠡᠷ ᠦᠪᠡᠷ ᠤᠨ ᠭᠠᠷᠣᠯ ᠢᠶᠠᠨ ᠲᠣᠳᠣᠷᠬᠠᠶᠢᠯᠠᠨ ᠪᠢᠴᠢᠬᠦ | ᠪᠣᠶᠣ ᠬᠡᠶᠢᠮᠣᠷᠢ ᠵᠡᠷᠭᠡ ᠶᠢ ᠲᠠᠯᠪᠢᠳᠠᠭ ᠪᠠᠶᠢᠪᠠ᠃ | ᠪᠠᠷᠭᠤ ᠪᠦᠬᠡ ᠶᠢᠨ ᠵᠣᠳᠤᠭ ᠪᠣᠯ ᠡᠷᠡᠭᠳᠡᠶᠢᠴᠣᠳ ᠤᠨ ᠪᠦᠬᠡ ᠶᠢᠨ ᠪᠠᠷᠢᠯᠳᠣᠭᠠᠨ ᠳᠤ ᠡᠮᠦᠰᠳᠡᠭ ᠵᠣᠳᠤᠭ | ᠪᠦᠭᠡᠳ ᠡᠭᠦᠨ ᠢᠶᠠᠷ ᠢᠶᠠᠨ ᠪᠦᠬᠡ ᠪᠣᠯᠣᠭᠰᠠᠨ ᠢᠶᠠᠨ ᠢᠯᠡᠳᠭᠡᠳᠡᠭ ᠪᠠᠶᠢᠨᠠ᠃ | ᠮᠦᠩᠭᠦᠨ ᠠᠶᠠᠭᠠ | ᠪᠠᠷᠭᠤᠴᠣᠳ ᠮᠦᠩᠭᠦᠨ ᠠᠶᠠᠭᠠ ᠶᠢ ᠡᠷᠭᠢᠮᠯᠡᠨ ᠬᠡᠷᠡᠭᠯᠡᠳᠡᠭ᠃ ᠦᠨᠳᠦᠰᠦᠨ ᠠᠶᠠᠭᠠ ᠶᠢ ᠮᠦᠩᠭᠦᠯᠡᠵᠦ | ᠴᠢᠮᠡᠭᠯᠡᠨᠡ᠃ ᠦᠨᠳᠦᠰᠦᠨ ᠠᠶᠠᠭᠠᠨ ᠤ ᠶᠡᠭᠡ ᠪᠠᠭᠠ ᠨᠢ ᠠᠳᠠᠯᠢ ᠪᠣᠰᠣ ᠪᠠᠶᠢᠳᠠᠭ ᠣᠴᠢᠷ ᠠᠴᠠ ᠬᠡᠷᠡᠭᠯᠡᠬᠦ | ᠮᠦᠩᠭᠦᠨ ᠤ ᠬᠡᠮᠵᠢᠶᠡ ᠨᠢ ᠴᠣ᠋ ᠠᠳᠠᠯᠢ ᠪᠣᠰᠣ᠃ ᠦᠨᠳᠣᠰᠦᠨ ᠠᠶᠠᠭᠠ ᠶᠢ ᠲᠣᠳᠣᠷ᠂ ᠢᠷᠮᠡᠭ ᠢ ᠮᠦᠩᠭᠦᠯᠡᠬᠦ᠂ | ᠲᠣᠳᠣᠷ᠂ ᠢᠷᠮᠡᠭ᠂ ᠢᠷᠣᠭᠠᠷ ᠢ ᠴᠦᠮ ᠮᠦᠩᠭᠦᠯᠡᠬᠦ ᠵᠡᠷᠭᠡ ᠬᠡᠯᠪᠡᠷᠢ ᠪᠠᠶᠢᠳᠠᠭ᠃ ᠮᠦᠩᠭᠦᠨ ᠠᠶᠠᠭᠠ ᠶᠢ ᠬᠤᠸᠡᠷᠲᠠᠢ | ᠮᠦᠩᠭᠦᠨ ᠠᠶᠠᠭᠠ᠂ ᠬᠤᠸᠡᠷ ᠦᠭᠡᠢ ᠮᠦᠩᠭᠦᠨ ᠠᠶᠠᠭᠠ ᠭᠡᠵᠦ ᠢᠯᠭᠠᠵᠣ ᠪᠣᠯᠣᠨᠠ᠃ ᠬᠤᠸᠠᠷᠲᠠᠢ ᠮᠦᠩᠭᠦᠨ | ᠠᠶᠠᠭᠠᠨ ᠤ ᠢᠷᠮᠡᠭ᠂ ᠬᠦᠪᠡᠭᠡ᠂ ᠢᠷᠣᠭᠠᠷ ᠲᠤ ᠨᠢ ᠴᠦᠮ ᠡᠯᠳᠡᠪ ᠬᠡ ᠣᠭᠠᠯᠵᠠ ᠭᠠᠷᠭᠠᠳᠠᠭ᠃ ᠬᠡ ᠬᠤᠸᠠᠷ ᠨᠢ | ᠠᠳᠠᠯᠢ ᠦᠭᠡᠢ᠃ ᠪᠠᠷᠭᠤᠴᠣᠳ ᠮᠦᠩᠭᠦᠨ ᠠᠶᠠᠭᠠ ᠶᠢ ᠡᠯᠪᠡᠭ ᠬᠡᠷᠡᠭᠯᠡᠳᠡᠭ ᠤᠨ ᠵᠣᠷᠢᠯᠭᠠ ᠪᠣᠯ ᠠᠶᠠᠭᠠ ᠪᠦᠬᠡ | ᠪᠠᠶᠢᠬᠤ ᠬᠡᠷᠡᠭᠳᠡᠢ ᠪᠦᠭᠡᠳ ᠪᠠᠰᠠ ᠴᠡᠪᠡᠷ ᠰᠠᠶᠢᠬᠠᠨ ᠪᠠᠶᠢᠬᠤ ᠬᠡᠷᠭᠴᠡᠭᠡ ᠲᠠᠢ᠂ ᠨᠦᠭᠦᠭᠡ ᠲᠠᠯᠠ ᠠᠴᠠ ᠨᠢ ᠬᠡᠯᠡᠪᠡᠯ | ᠪᠠᠰᠠ ᠭᠡᠷ ᠤᠨ ᠡᠳ᠋ ᠬᠡᠷᠡᠭᠰᠡᠯ ᠡᠪᠳᠡᠢ ᠰᠠᠶᠢᠬᠠᠨ ᠬᠠᠷᠠᠭᠳᠠᠬᠤ ᠪᠦᠭᠡᠳ ᠡᠮᠬᠢ ᠲᠢᠭᠳᠡᠢ ᠪᠠᠶᠢᠬᠤ ᠨᠡᠶᠢᠳᠡ ᠶᠢᠨ | ᠲᠦᠷᠢᠮ ᠲᠠᠢ ᠠᠴᠠ ᠪᠣᠯᠵᠠᠢ᠃ | ᠠᠷᠢᠬᠢᠨ ᠤ ᠮᠦᠩᠭᠦᠨ ᠡᠳ᠋ᠯᠡᠯ | ᠠᠷᠢᠭᠢᠨ ᠤ ᠮᠦᠩᠭᠦᠨ ᠡᠳ᠋ᠯᠡᠯ ᠳᠤ ᠱᠠᠬᠤᠣ᠂ ᠱᠣᠮᠠ ︵ᠬᠤᠨᠳᠠᠭᠠ︶᠂ ᠰᠢᠮᠡᠭᠦᠷ᠂ ᠳ᠋ᠢᠶᠠᠽᠢ ᠪᠣᠶᠣ | ᠰᠢᠮᠡᠭᠦᠷ ᠵᠡᠷᠭᠡ ᠪᠣᠢ᠃ ᠱᠠᠬᠤᠣ ︵ᠠᠷᠢᠬᠢ ᠬᠠᠯᠠᠭᠠᠳᠠᠭ ᠰᠠᠪᠠ︶ ᠨᠢ ᠠᠷᠢᠬᠢ ᠬᠠᠯᠠᠭᠠᠳᠠᠭ ᠰᠠᠪᠠ᠃ ᠬᠤᠶᠠᠷ ᠯᠠᠩ | ᠪᠠᠭᠴᠠᠭᠠ ᠲᠠᠢ ᠠᠷᠢᠬᠢ ᠪᠠᠭᠳᠠᠨᠠ᠃ ᠲᠡᠭᠦᠨ ᠢ ᠮᠦᠩᠭᠦ ᠪᠠᠷ ᠬᠢᠳᠡᠭ᠃ ᠵᠠᠷᠢᠮ ᠱᠠᠬᠤᠣ ᠶᠢ ᠣᠯᠠᠨ ᠶᠠᠩᠵᠣ ᠪᠠᠷ | ᠬᠤᠸᠠᠷ ᠴᠤᠬᠢᠳᠠᠭ᠃ ᠱᠣᠮᠠ ᠨᠢ ᠠᠷᠢᠬᠢ ᠣᠣᠭᠤᠳᠠᠭ ᠪᠢᠴᠢᠬᠠᠨ ᠰᠠᠪᠠ᠃ ᠬᠤᠨᠳᠠᠭᠠᠨ ᠳᠤ ᠨᠢᠭᠡ ᠪᠣᠶᠣ ᠬᠤᠶᠠᠷ | ᠴᠢᠬᠢ ᠪᠣᠶᠣ ᠪᠠᠷᠢᠭᠤᠯ ᠲᠠᠢ᠃ ᠱᠣᠮᠠ ᠶᠢ ᠪᠠᠰᠠ ᠮᠦᠩᠭᠦ ᠪᠠᠷ ᠬᠢᠳᠡᠭ᠃ ᠵᠠᠷᠢᠮ ᠱᠣᠮᠠ ᠳᠤ ᠡᠯᠳᠡᠪ ᠤᠨ | ᠬᠤᠸᠡᠷ ᠲᠠᠢ᠃ ᠬᠤᠨᠳᠠᠭᠠ ᠪᠠᠨ ᠲᠠᠯᠪᠢᠳᠠᠭ ᠪᠠᠭᠠ ᠳ᠋ᠢᠶ᠋ᠢᠽᠢ ᠲᠠᠢ᠃ ᠲᠡᠭᠦᠨ ᠤ ᠵᠠᠷᠢᠮ ᠳᠤᠨᠢ ᠪᠠᠰᠠ ᠣᠯᠠᠨ | ᠬᠤᠸᠡᠷ ᠲᠠᠢ ᠪᠠᠶᠢᠳᠠᠭ᠃ | ᠰᠢᠮᠡᠭᠦᠷ ᠪᠣᠯ ᠠᠷᠢᠬᠢ ᠬᠡᠳᠡᠭ ᠪᠢᠴᠢᠬᠠᠨ ᠰᠠᠪᠠ ᠮᠦᠨ᠃ ᠬᠡᠯᠪᠡᠷᠢ ᠨᠢ ᠲᠦᠭᠦᠷᠢᠭ᠂ ᠲᠦᠷᠪᠡᠯᠵᠢᠨ | ᠪᠦᠭᠡᠳ ᠵᠣᠣᠪᠠᠩ ᠪᠠᠶᠢᠬᠤ ᠨᠢ ᠣᠯᠠᠨ ᠲᠠᠢ᠃ ᠲᠡᠭᠡᠷᠡ ᠪᠠᠨ ᠨᠠᠷᠢᠨ ᠬᠦᠵᠦᠬᠦᠦ ᠲᠠᠢ ᠪᠣᠶᠣ ᠴᠣᠷᠭᠤᠨ ᠠᠮᠠᠰᠠᠷ ᠲᠠᠢ᠃ | ᠠᠮᠠᠰᠠᠷ ᠤᠨ ᠪᠦᠭᠯᠡᠭᠡ ᠶᠢ ᠴᠢᠩᠭᠠ ᠲᠠᠭᠠᠷᠠᠭᠤᠯᠳᠠᠭ᠃ ᠲᠡᠭᠦᠨ ᠢ ᠮᠦᠩᠭᠦ ᠪᠠᠷ ᠬᠢᠳᠡᠭ᠃ ᠲᠡᠭᠦᠨ ᠤ ᠭᠠᠳᠠᠷ | ᠲᠠᠯᠠ ᠳᠤᠨᠢ ᠣᠯᠠᠨ ᠶᠠᠩᠵᠣ ᠶᠢᠨ ᠬᠤᠸᠡᠷ ᠬᠠᠳᠬᠤᠳᠠᠭ᠃ ᠰᠢᠮᠡᠭᠦᠷ ᠲᠠᠢ ᠠᠷᠢᠬᠢ ᠶᠢ ᠬᠤᠨᠳᠠᠭᠠᠯᠠᠵᠣ ᠣᠣᠭᠤᠳᠠᠭ | ᠦᠭᠡᠢ᠂ ᠠᠮᠠᠰᠠᠷ ᠠᠴᠠ ᠨᠢ ᠰᠢᠮᠡᠵᠦ ᠣᠣᠭᠤᠳᠠᠭ᠃ ᠰᠢᠮᠡᠭᠦᠷ ᠪᠣᠯ ᠡᠷᠭᠢᠮ ᠰᠠᠶᠢᠬᠠᠨ ᠡᠳ᠋ ᠪᠣᠯᠣᠨᠠ᠃ | ᠮᠦᠩᠭᠦᠨ ᠫᠢᠯᠠ᠂ ᠬᠠᠯᠪᠠᠭᠠ᠂ ᠰᠡᠷᠡᠭᠡ | ᠪᠠᠷᠭᠤᠴᠣᠳ ᠮᠦᠩᠭᠦᠨ ᠫᠢᠯᠠ ᠶᠢ ᠬᠡᠷᠡᠭᠯᠡᠳᠡᠭ᠃ ᠮᠦᠩᠭᠦᠨ ᠫᠢᠯᠠ ᠳᠤ ᠮᠦᠩᠭᠦ ᠪᠠᠷ ᠬᠢᠭᠰᠡᠨ ᠫᠢᠯᠠ᠂ | ᠮᠦᠩᠭᠦ ᠪᠠᠷ ᠴᠠᠶᠢᠷᠠᠭᠤᠯᠣᠭᠰᠠᠨ ᠮᠦᠩᠭᠦᠨ ᠫᠢᠯᠠ ᠭᠡᠵᠦ ᠪᠠᠶᠢᠳᠠᠭ᠃ ᠡᠨᠡ ᠬᠦ ᠫᠢᠯᠠ ᠳᠤ ᠣᠯᠠᠨ ᠶᠠᠩᠵᠣ ᠶᠢᠨ ᠬᠡ | ᠬᠤᠸᠡᠷ ᠲᠠᠯᠪᠢᠳᠠᠭ᠃ | ᠪᠠᠷᠭᠤᠴᠣᠳ ᠴᠣ᠋ ᠬᠠᠯᠪᠠᠭᠠ ᠶᠢ ᠮᠦᠩᠭᠦ ᠪᠠᠷ ᠬᠢᠳᠡᠭ᠃ ᠮᠦᠩᠭᠦᠨ ᠬᠠᠯᠪᠠᠭᠠ ᠳᠤ ᠶᠡᠭᠡ ᠪᠠᠭᠠ᠂ | ᠵᠣᠵᠠᠭᠠᠨ ᠨᠢᠮᠭᠡᠨ᠂ ᠬᠤᠸᠡᠷ ᠲᠠᠢ ᠪᠣᠶᠣ ᠬᠤᠸᠡᠷ ᠦᠭᠡᠢ ᠣᠯᠠᠨ ᠶᠠᠩᠵᠣ ᠪᠠᠶᠢᠳᠠᠭ᠃ | ᠪᠠᠷᠭᠤᠴᠣᠳ ᠮᠦᠩᠭᠦᠨ ᠰᠡᠷᠡᠭᠡ ᠶᠢ ᠴᠣ᠋ ᠣᠯᠠᠨ ᠬᠡᠷᠡᠭᠯᠡᠳᠡᠭ᠃ ᠮᠦᠩᠭᠦᠨ ᠰᠡᠷᠡᠭᠡ ᠶᠢᠨ ᠶᠡᠭᠡ ᠪᠠᠭᠠ᠂ ᠵᠣᠵᠠᠭᠠᠨ | ᠨᠢᠮᠭᠡᠨ ᠨᠢ ᠴᠣ᠋ ᠪᠦᠷ ᠠᠳᠠᠯᠢ ᠪᠣᠰᠣ ᠪᠠᠶᠢᠳᠠᠭ ᠪᠦᠭᠡᠳ ᠰᠠᠯᠠᠭᠠᠨ ᠤ ᠲᠣᠮᠳᠠ ᠪᠠᠨ ᠭᠤᠶᠣ ᠰᠠᠶᠢᠬᠠᠨ ᠬᠡ | ᠬᠤᠸᠡᠷ ᠲᠠᠢ ᠪᠠᠶᠢᠨᠠ᠃ | ᠪᠣᠷᠬᠠᠨ ᠤ ᠮᠦᠩᠭᠦᠨ ᠬᠡᠷᠡᠭᠯᠡᠯ | ᠴᠢᠯᠣᠭᠡᠯᠡᠭᠳᠡᠬᠦ ᠠᠴᠠ ᠡᠮᠦᠨᠡ ᠰᠢᠨᠡ ᠪᠠᠷᠭᠤᠴᠣᠳ ᠠᠶᠢᠯ ᠪᠦᠷᠢ ᠭᠡᠷ ᠲᠡᠭᠡᠨ ᠪᠣᠷᠬᠠᠨ ᠲᠠᠬᠢᠵᠣ | ᠰᠢᠳᠣᠳᠡᠭ᠃ ᠪᠣᠷᠬᠠᠨ ᠤ ᠮᠦᠩᠭᠦᠨ ᠵᠠᠰᠠᠯ ᠴᠢᠮᠡᠭ ᠪᠣᠶᠣ ᠭᠡᠷᠡᠭᠯᠡᠯ ᠣᠯᠠᠨ ᠪᠠᠶᠢᠳᠠᠭ᠃ ᠲᠠᠭᠢᠳᠠᠭ ᠪᠣᠷᠬᠠᠳ ᠨᠢ | ᠣᠯᠠᠨ ᠵᠦᠢᠯ ᠪᠣᠢ᠃ ᠴᠣᠯ ᠮᠦᠩᠭᠦᠨ ᠪᠣᠷᠬᠠᠨ ᠴᠣ᠋ ᠪᠠᠶᠢᠳᠠᠭ᠃ ᠪᠠᠰᠠ ᠬᠠᠳᠬᠤᠮᠠᠯ᠂ ᠵᠢᠷᠣᠮᠠᠯ ᠪᠣᠷᠬᠠᠨ ᠢᠶᠠᠨ | ᠮᠦᠩᠭᠦᠨ ᠬᠦᠩᠭᠠᠷᠠᠪᠠ ᠳᠤ ᠬᠢᠵᠦ ᠲᠠᠬᠢᠨᠠ᠃ ᠬᠦᠩᠭᠠᠷᠠᠪᠠ ᠶᠢᠨ ᠶᠡᠭᠡ ᠪᠠᠭᠠ ᠨᠢ ᠠᠳᠠᠯᠢ ᠦᠭᠡᠢ᠂ | ᠬᠦᠩᠭᠠᠷᠠᠪᠠ ᠶᠢᠨ ᠬᠦᠪᠡᠭᠡ ᠨᠢ ᠭᠤᠶᠣ ᠬᠡ ᠣᠭᠠᠯᠵᠠ ᠲᠠᠢ᠃ | ᠪᠣᠷᠬᠠᠨ ᠤ ᠮᠦᠩᠭᠦᠨ ᠵᠠᠰᠠᠯ ᠳᠤ ᠵᠣᠯᠠ ᠶᠢᠨ ᠮᠦᠩᠭᠦᠨ ᠴᠦᠭᠦᠴᠡ᠂ ᠲᠠᠬᠢᠯ ᠤᠨ ᠮᠦᠩᠭᠦᠨ ᠰᠠᠪᠠ᠂ | ᠲᠠᠬᠢᠯ ᠤᠨ ᠨᠠᠢᠮᠠᠨ ᠴᠢᠮᠡᠭ ᠪᠣᠶᠣ ᠴᠡᠴᠡᠭ ᠵᠡᠷᠭᠡ ᠪᠠᠶᠢᠳᠠᠭ᠃ ᠪᠠᠰᠠ ᠭᠠᠷ ᠬᠦᠷᠳᠣ᠂ ᠡᠷᠭᠢᠭᠦᠯᠭᠡᠨ ᠬᠦᠷᠳᠣ ᠪᠣᠢ᠃ | ᠴᠣᠯ ᠮᠦᠩᠭᠦᠨ ᠬᠦᠷᠳᠦ ᠴᠣ᠋ ᠪᠠᠶᠢᠳᠠᠭ᠃ ᠭᠠᠣᠯᠢᠨ ᠬᠦᠷᠳᠣᠨ ᠳᠤ ᠮᠦᠩᠭᠦᠨ ᠪᠦᠰᠡᠯᠡᠭᠦᠷ ᠲᠠᠭᠠᠷᠠᠭᠤᠯᠣᠭᠰᠠᠨ ᠨᠢ | ᠴᠣ᠋ ᠪᠠᠶᠢᠨᠠ᠃ ᠣᠳᠣᠯᠭᠠ ᠬᠦᠵᠢ ᠶᠢᠨ ᠪᠤᠶᠢᠫᠦᠷ ᠪᠠᠶᠢᠳᠠᠭ᠃ ᠡᠭᠦᠨ ᠢ ᠣᠯᠠᠩᠬᠢ ᠳᠠᠭᠠᠨ ᠮᠦᠩᠭᠦᠨ ᠣᠰᠣ ᠪᠠᠷ | ᠣᠬᠢᠶᠠᠬᠤ ᠨᠢ ᠣᠯᠠᠨ᠃ ᠭᠠᠣᠯᠢᠨ ᠬᠦᠵᠢ ᠶᠢᠨ ᠲᠠᠯᠪᠢᠭᠤᠷ ᠢ ᠮᠦᠩᠭᠦ ᠪᠠᠷ ᠣᠬᠢᠶᠠᠭᠰᠠᠨ ᠴᠣ᠋ ᠪᠠᠶᠢᠨᠠ᠃ | ᠲᠠᠯᠠᠯᠭᠠ ᠶᠢᠨ ᠰᠣᠮᠣ᠂ ᠬᠦᠨᠦᠭ | ᠠᠶᠢᠯ ᠪᠦᠷᠢ ᠵᠢᠯ ᠪᠣᠯᠭᠠᠨ ᠪᠣᠷᠬᠠᠨ ᠲᠠᠭᠢᠭᠤᠯᠵᠣ ᠲᠠᠯᠠᠯᠭᠠ ᠠᠪᠳᠠᠭ᠃ ᠲᠠᠯᠠᠯᠭᠠ ᠠᠪᠬᠤ ᠳᠤ | ᠲᠠᠯᠠᠯᠭᠠ ᠶᠢᠨ ᠰᠣᠮᠣ᠂ ᠬᠦᠨᠦᠭ ᠬᠡᠷᠡᠭᠯᠡᠳᠡᠭ᠃ ᠲᠠᠯᠠᠯᠭᠠ ᠶᠢᠨ ᠰᠣᠮᠣ ᠨᠢ ᠡᠩ ᠤᠨ ᠰᠣᠮᠣ ᠲᠠᠢ ᠠᠳᠠᠯᠢᠪᠳᠣᠷ | ᠪᠠᠶᠢᠳᠠᠭ᠃ ᠣᠨᠳᠣᠣ ᠭᠠᠵᠠᠷ ᠨᠢ ᠭᠡᠪᠡᠯ ᠲᠡᠭᠦᠨ ᠤ ᠵᠠᠪᠠ ᠶᠢᠨ ᠣᠵᠣᠭᠤᠷ ᠲᠤ ᠮᠦᠩᠭᠦᠨ ᠲᠣᠭᠳᠣᠢ | ᠲᠠᠭᠠᠷᠠᠭᠤᠯᠣᠭᠰᠠᠨ ᠪᠠᠶᠢᠳᠠᠭ᠃ ᠲᠠᠯᠠᠯᠭᠠ ᠶᠢᠨ ᠰᠣᠮᠣ ᠶᠢ ᠲᠠᠪᠣᠨ ᠦᠩᠭᠡ ᠶᠢᠨ ᠬᠠᠳᠠᠭ᠂ ᠭᠬᠢᠪ ᠢᠶᠠᠷ ᠴᠢᠮᠡᠭᠯᠡᠳᠡᠭ᠃ | ᠪᠠᠰᠠ ᠮᠦᠩᠭᠦᠨ ᠵᠣᠭᠤᠰ᠂ ᠵᠢᠵᠢᠭ ᠮᠦᠩᠭᠦᠨ ᠶᠣᠸᠠᠮᠪᠣᠣ ᠲᠡᠭᠦᠵᠢᠯᠡᠬᠦ ᠴᠣ᠋ ᠪᠣᠢ᠃ | ᠲᠠᠯᠠᠯᠭᠠ ᠶᠢᠨ ᠬᠦᠨᠦᠭ ᠨᠢ ᠰᠠᠶᠢᠨ ᠴᠢᠨᠠᠷ ᠤᠨ ᠮᠣᠳᠣᠨ ᠬᠦᠨᠦᠭ᠂ ᠭᠠᠣᠯᠢᠨ ᠬᠦᠨᠦᠭ ᠪᠠᠶᠢᠬᠤ ᠨᠢ | ᠨᠠᠶᠢᠳᠠᠮ ᠪᠣᠯᠪᠠᠴᠣ ᠡᠶᠢᠮᠣ ᠬᠦᠨᠦᠭ ᠤᠨ ᠪᠦᠰᠡᠯᠡᠬᠦᠷ ᠢ ᠮᠦᠩᠬᠦ ᠪᠠᠷ ᠬᠢᠬᠦ ᠪᠣᠶᠣ ᠡᠰᠡᠭᠦᠯᠡ ᠣᠬᠢᠶᠠᠬᠤ ᠨᠢ ᠣᠯᠠᠨ᠃ | ᠡᠶᠢᠮᠦ ᠬᠦᠨᠦᠭ ᠲᠤ ᠲᠠᠪᠣᠨ ᠬᠤᠰᠢᠭᠤ ᠮᠠᠯ ᠤᠨ ᠠᠰᠢᠭ ᠰᠢᠮᠡ᠂ ᠲᠠᠪᠣᠨ ᠲᠠᠷᠢᠶᠠᠨ ᠤ ᠦᠷᠡ ᠮᠡᠳᠣ ᠶᠢ ᠬᠢᠵᠦ | ᠲᠠᠯᠠᠯᠭᠠ ᠠᠪᠳᠠᠭ᠃ | ᠣᠳᠣ ᠴᠠᠭ ᠲᠤ ᠡᠶᠢᠮᠦ ᠪᠣᠷᠬᠠᠨ ᠲᠠᠢ ᠠᠶᠢᠯ ᠦᠨᠳᠦᠰᠦᠨ ᠲᠡᠭᠡᠷᠡ ᠪᠠᠨ ᠦᠭᠡᠢ ᠪᠣᠯᠪᠠ᠃ | ᠮᠦᠩᠭᠦᠨ ᠬᠤᠷᠣᠭᠤᠪᠴᠢ᠂ ᠴᠢᠮᠬᠢᠭᠦᠷ᠂ ᠡᠷᠡᠬᠡᠶᠢᠪᠴᠢ | ᠮᠦᠩᠭᠦᠨ ᠬᠤᠷᠣᠭᠤᠪᠴᠢ ᠪᠣᠯ ᠶᠠᠭᠤᠮᠠ ᠣᠶᠣᠬᠤ ᠳᠤ ᠬᠡᠷᠡᠭᠯᠡᠳᠡᠭ᠃ ᠲᠡᠷᠡ ᠨᠢ ᠪᠦᠷ ᠮᠦᠩᠭᠦ ᠪᠠᠷ | ᠪᠦᠳᠦᠳᠡᠭ ᠪᠦᠭᠡᠳ ᠬᠤᠰᠣᠭᠤᠷ ᠤᠨ ᠪᠣᠷᠣᠭᠤ ᠲᠠᠯᠠ ᠳᠠᠭᠠᠨ ᠲᠠᠪᠬᠤᠷ᠂ ᠨᠠᠷᠢᠯᠢᠭ ᠪᠠᠶᠢᠵᠣ᠂ ᠵᠡᠭᠦᠦ ᠪᠠᠷ ᠶᠠᠭᠤᠮᠠ | ᠣᠶᠣᠬᠤ ᠳᠤ ᠡᠪᠲᠡᠢ ᠪᠠᠶᠢᠳᠠᠭ᠃ ᠵᠠᠷᠢᠮ ᠨᠢ ᠪᠠᠰᠠ ᠲᠠᠪᠬᠤᠷ ᠪᠠᠶᠢᠳᠠᠭ ᠪᠦᠭᠡᠳ ᠵᠡᠭᠦᠦ ᠶᠢᠨ ᠵᠠᠪᠰᠠᠷ ᠲᠠᠭᠠᠨ | ᠲᠠᠪᠬᠤᠷ ᠰᠦᠪᠡᠭᠴᠢ ᠪᠦᠬᠦᠢ ᠰᠦᠯᠵᠢᠮᠡᠷ ᠲᠠᠢ ᠴᠣ᠋ ᠪᠣᠢ᠃ | ᠴᠢᠮᠬᠢᠭᠦᠷ ᠪᠣᠯ ᠦᠰᠦ ᠶᠢ ᠲᠡᠭᠦᠵᠦ ᠠᠪᠳᠠᠭ ᠪᠠᠭᠠᠵᠢ ᠶᠣᠮ᠃ ᠲᠡᠭᠦᠨ ᠢ ᠪᠠᠰᠠ ᠮᠦᠩᠭᠦ ᠪᠠᠷ ᠬᠢᠵᠦ | ᠬᠡᠷᠡᠭᠯᠡᠬᠦ ᠴᠦ ᠪᠣᠢ᠃ | ᠡᠷᠡᠬᠡᠶᠢᠪᠴᠢ ᠪᠣᠯ ᠲᠣᠮᠳᠠ ᠬᠤᠷᠣᠭᠤᠨ ᠳᠤ ᠲᠠᠭᠠᠷᠠᠭᠤᠯᠵᠣ ᠬᠢᠭᠰᠡᠨ ᠪᠢᠳᠡᠭᠦᠦ ᠪᠠᠭᠠᠵᠢ ᠪᠢᠯᠡ᠃ | ᠲᠡᠭᠦᠨ ᠢ ᠭᠤᠣᠯᠳᠠᠭᠤ ᠨᠠᠷᠢᠨ ᠵᠦᠢᠯ ᠢ ᠲᠣᠰᠬᠠᠢ ᠣᠶᠣᠵᠣ ᠪᠦᠳᠦᠭᠡᠬᠦ ᠦᠶᠡ ᠳᠤ ᠬᠡᠷᠡᠭᠯᠡᠳᠡᠭ ᠶᠣᠮ᠃ | ᠮᠦᠩᠭᠦᠨ ᠭᠠᠷᠠᠬᠠ᠂ ᠪᠦᠯᠡᠵᠢ ︵ᠪᠦᠯᠡᠵᠡᠭ︶ | ᠮᠦᠩᠭᠦᠨ ᠭᠠᠷᠠᠬᠠ ᠪᠣᠯ ᠴᠢᠭᠢᠨ ᠳᠤ ᠬᠢᠳᠡᠭ ᠡᠳ᠋ ᠪᠢᠯᠡ᠃ ᠲᠡᠭᠦᠨ ᠢ ᠶᠡᠭᠡ ᠪᠠᠭᠠ᠂ ᠡᠯᠳᠡᠪ | ᠬᠡᠯᠪᠡᠷᠢᠳᠡᠢ ᠪᠠᠷ ᠬᠢᠳᠡᠭ᠃ ᠲᠡᠭᠦᠨ ᠤ ᠶᠠᠩᠵᠣ ᠬᠡᠯᠪᠡᠷᠢ ᠨᠢ ᠣᠯᠠᠨ ᠪᠠᠶᠢᠳᠠᠭ ᠪᠦᠭᠡᠳ ᠵᠡᠷᠢᠮ ᠳᠤᠨᠢ ᠬᠡ ᠬᠤᠸᠡᠷ | ᠬᠠᠳᠬᠤᠵᠣ ᠪᠣᠯᠳᠠᠭ᠃ | ᠪᠦᠯᠡᠵᠢ ᠪᠣᠯ ᠭᠠᠷ ᠲᠤ ᠵᠡᠭᠦᠳᠡᠭ ᠡᠳ᠋ ᠪᠢᠯᠡ᠃ ᠲᠡᠭᠦᠨ ᠢ ᠶᠡᠷᠦᠩᠬᠡᠢ ᠳᠡᠭᠡᠨ ᠬᠤᠷᠤᠭᠤᠨ ᠳᠠᠭᠠᠨ | ᠲᠠᠭᠠᠷᠠᠭᠤᠯᠵᠣ ᠬᠢᠳᠡᠭ᠃ ᠬᠠᠷᠢᠨ ᠲᠡᠭᠦᠨ ᠤ ᠶᠡᠭᠡ ᠪᠠᠭᠠ ᠨᠢ ᠠᠳᠠᠯᠢ ᠪᠣᠰᠣ᠂ ᠵᠡᠷᠢᠮ ᠳᠤᠨᠢ ᠪᠠᠰᠠ ᠵᠢᠵᠢᠭ ᠵᠢᠵᠢᠭ | ᠬᠡ ᠬᠤᠸᠡᠷ ᠲᠠᠯᠪᠢᠳᠠᠭ᠃ | ᠮᠦᠩᠭᠦᠨ ᠰᠢᠳᠣ | ᠪᠠᠷᠭᠤᠴᠣᠳ ᠮᠦᠩᠭᠦᠨ ᠰᠢᠳᠣ ᠬᠢᠳᠡᠭ ᠵᠡᠩᠰᠢᠯ ᠲᠠᠢ᠃ ᠰᠢᠳᠣ ᠨᠢ ᠡᠪᠳᠡᠷᠡᠵᠦ ᠮᠠᠭᠤᠳᠠᠬᠤ ᠦᠶᠡ ᠳᠤ | ᠣᠭ ᠰᠢᠳᠣ ᠶᠢ ᠠᠪᠴᠣ᠂ ᠣᠷᠣᠨ ᠳᠤᠨᠢ ᠠᠯᠳᠠ ᠪᠣᠶᠣ ᠮᠦᠩᠭᠦᠨ ᠰᠢᠳᠣ ᠬᠢᠳᠡᠭ᠃ ᠡᠶᠢᠮᠦ ᠰᠢᠳᠣ ᠨᠢ ᠦᠷᠭᠦᠯᠵᠢ | ᠪᠠᠳᠣ ᠲᠦᠪ ᠪᠠᠶᠢᠵᠦ᠂ ᠬᠦᠮᠦᠰ ᠤᠨ ᠢᠳᠡᠵᠦ ᠣᠣᠭᠤᠬᠤ ᠳᠤ ᠶᠠᠮᠠᠷ ᠴᠣ᠋ ᠭᠡᠮ ᠰᠤᠭᠤᠭ ᠦᠭᠡᠢ ᠪᠠᠶᠢᠳᠠᠭ | ᠣᠨᠴᠠᠯᠢᠭ ᠲᠠᠢ᠃ | ᠡᠮ ᠡᠮᠨᠡᠯᠭᠡ ᠳᠤ ᠬᠡᠷᠡᠭᠯᠡᠳᠡᠭ ᠮᠦᠩᠭᠦᠨ ᠲᠣᠩ | ᠡᠮ ᠡᠮᠨᠡᠯᠭᠡ ᠳᠤ ᠬᠡᠷᠡᠭᠯᠡᠳᠡᠭ ᠮᠦᠩᠭᠦᠨ ᠲᠣᠩ ᠪᠣᠯ ᠮᠠᠰᠢ ᠲᠣᠰᠠ ᠲᠠᠢ ᠡᠳ᠋ ᠪᠢᠯᠡ᠃ ᠮᠦᠩᠭᠦᠨ | ᠲᠣᠩ ᠤᠨ ᠲᠣᠳᠣᠷᠠ ᠰᠢᠭᠤᠳ ᠮᠦᠩᠭᠦᠨ ᠲᠣᠩ ᠪᠠᠶᠢᠬᠤ ᠠᠴᠠ ᠭᠠᠳᠠᠨᠠ ᠮᠦᠩᠭᠦ ᠪᠠᠷ ᠪᠣᠳᠣᠵᠣ ᠬᠢᠭᠰᠡᠨ ᠲᠣᠩ | ᠴᠦ ᠪᠠᠶᠢᠳᠠᠭ᠃ ᠡᠨᠡ ᠨᠢ ᠡᠮ ᠢ ᠲᠠᠩ ᠲᠠᠩ ᠢᠶᠠᠷ ᠰᠣᠩᠭᠤᠨ ᠪᠣᠭᠤᠬᠤ ᠳᠤ ᠲᠣᠩ ᠴᠢᠬᠤᠯᠠ ᠦᠢᠯᠡᠳᠣᠯ ᠲᠠᠢ᠃ | ᠶᠡᠷᠦ ᠨᠢ ᠡᠮᠴᠢ ᠨᠡᠷ ᠤᠨ ᠬᠡᠷᠡᠭᠯᠡᠳᠡᠭ ᠮᠦᠩᠭᠦᠨ ᠵᠡᠭᠦᠦ᠂ ᠪᠣᠰᠣᠳ ᠵᠡᠭᠦᠦ ᠵᠡᠷᠭᠡ ᠡᠮ ᠡᠮᠨᠡᠯᠭᠡ ᠶᠢᠨ ᠪᠠᠭᠠᠵᠢ | ᠭᠡᠷᠡᠭᠯᠡᠯ ᠪᠠᠶᠢᠳᠠᠭ᠃ | ᠪᠡᠷᠭᠤ ᠠᠪᠡᠭᠠᠶ ᠶᠢᠨ ᠮᠦᠩᠬᠦᠨ ᠵᠡᠰᠡᠯ | ᠪᠡᠷᠭᠤ ᠠᠪᠡᠭᠠᠶ ︵ᠭ᠋ᠤᠷᠢᠮᠯᠡᠭ᠌ᠰᠡᠨ ᠪᠦᠰᠡᠬᠦᠶ᠂ ᠡᠭᠡᠨᠡᠷ︶ ᠶᠢᠨ ᠮᠦᠩᠬᠦᠨ ᠵᠡᠰᠡᠯ ᠪᠦ᠋ᠯ ᠨ᠋ᠦᠪᠡᠷ ᠤᠨ ᠢᠯᠡ | ᠳᠦ᠋ᠳᠦ ᠪᠦᠭᠡᠳ ᠳᠦᠬᠦᠷᠵᠢᠭᠰᠡᠡ ᠤᠨᠴᠡᠯᠢᠭ᠋ ᠲᠠᠢ᠃ ᠭ᠋ᠤᠷᠢᠨ ᠨᠢᠭᠡᠳᠦᠭᠡᠷ ᠵᠡᠭᠤᠨ ᠭᠦᠷᠳᠡᠯᠡ ᠤᠯᠡᠮᠵᠢᠯᠡᠭ᠌ᠳᠡᠵᠦ | ᠪᠠᠶᠢᠭᠠ ᠠᠪᠡᠭᠠᠶ ᠶᠢᠨ ᠮᠦᠩᠬᠦᠨ ᠵᠡᠰᠡᠯ ᠠᠴᠠ ᠴᠢᠭᠢᠨ ᠤ ᠭᠠᠷᠠᠭ᠋ᠠ᠂ ᠭᠠᠷ ᠤᠨ ᠪᠦᠯᠡᠵᠢ ︵ᠪᠦᠯᠡᠵᠡᠭ︶᠂ | ᠴᠡᠷᠪᠡᠭᠤᠨ ᠤ ᠪᠦ᠋ᠭᠠ ︵ᠪᠡᠭᠤᠪᠴᠢ︶᠂ ᠨ᠋ᠦᠰᠣᠨ ᠤ ᠪᠡᠯ᠂ ᠳᠡᠪᠡᠯ ᠤᠨ ᠮᠦᠩᠬᠦᠨ ᠳᠦ᠋ᠪᠴᠢ᠂ ᠮᠦᠩᠬᠦᠨ | ᠭ᠋ᠤᠷᠦᠭᠤᠪᠴᠢ᠂ ᠮᠦᠩᠬᠦᠨ ᠴᠢᠮᠭᠢᠬᠦᠷ᠂ ᠮᠦᠩᠬᠦᠨ ᠭᠡᠷᠡᠭᠯᠨᠯ ᠲᠠᠢ ᠡᠮᠡᠭᠡᠯ ︵ᠳᠡᠷᠦᠭᠤᠯᠭᠠ᠂ ᠪᠦᠭᠡᠵᠢ᠂ ᠪᠡᠭᠠᠪᠦᠷ︶ | ᠵᠡᠷᠭᠡ ᠨ᠋ᠦᠷᠭᠡᠨ ᠭᠡᠷᠡᠭᠯᠡᠭᠳᠡᠭᠰᠨᠭᠡᠷ ᠪᠠᠶᠢᠨᠡ᠃ ᠤᠳᠦ ᠤ᠊ ᠵᠡᠳᠦᠰᠣᠨ ᠳᠡᠭᠡᠷᠡ ᠪᠠᠨ ᠭᠡᠷᠡᠭᠯᠡᠭᠳᠡᠬᠦ ᠪᠠᠨ ᠪᠦ᠋ᠯᠢᠭ᠌ᠰᠡᠨ | ᠪᠦ᠋ᠶᠦ ᠨᠢᠭᠡᠨᠳᠡ ᠤᠰᠡᠳᠦᠭ᠌ᠰᠡᠨ ᠮᠦᠩᠬᠦᠨ ᠵᠡᠰᠡᠯ ᠳᠤ ᠭ᠋ᠠᠪᠴᠢᠭ᠂ ᠳᠡᠳᠡᠭᠤᠷ᠂ ᠭ᠋ᠠᠵᠡᠭᠤᠨ ᠤ ᠪᠡᠯ ᠳᠠᠦᠬᠠᠶ᠂ | ᠮᠦᠷᠦᠨ ᠤ ᠭᠤᠤ᠂ ᠡᠩᠭᠡᠷ ᠤᠨ ︵ᠡᠯᠢᠭᠡᠨ ᠤ︶ ᠭᠤᠤ᠂ ᠠᠷᠦ ᠶᠢᠨ ᠭᠤᠤ᠂ ᠮᠦᠩᠬᠦᠨ ᠭᠤᠦᠷᠴᠠᠭ᠂ ᠰᠢᠪᠡᠷᠭᠡᠯ᠂ | ᠳᠡᠷᠡ ᠶᠢᠨ ᠳᠡᠪᠦᠨ ᠴᠡᠴᠡᠭ ᠵᠡᠷᠭᠡ ᠶᠢ ᠳᠦ᠋ᠦᠷᠡ ᠭᠤᠦᠯᠳᠡᠭᠤ ᠳᠤᠷᠠᠳᠤᠨᠠ᠃ | ᠳᠦ᠋ᠯᠦᠭᠠᠶ ᠶᠢᠨ ᠮᠦᠩᠬᠦᠨ ᠵᠡᠰᠡᠯ ᠤᠳ ᠭ᠋ᠠᠪᠴᠢᠭ | ᠮᠦᠩᠬᠦᠨ ᠭ᠋ᠠᠪᠴᠢᠭ᠄ ︽ᠡᠭᠡᠨᠡᠷ ᠭᠦᠮᠦᠨ ᠤ ᠨ᠋ᠦᠰᠦ ᠶᠢ ᠭ᠋ᠠᠭᠠᠯᠵᠦ ᠭ᠋ᠤᠶᠡᠷ ᠭ᠋ᠤᠪᠢᠶᠡᠨ ᠭ᠋ᠠᠪᠴᠢᠭᠤᠯᠵᠦ | ᠳᠡᠪᠭᠡᠯᠡᠳᠡᠭ ᠠᠷᠪᠡᠨ ᠭ᠋ᠤᠶᠡᠷ ᠮᠦᠩᠬᠦᠨ ᠭ᠋ᠠᠪᠴᠢᠭᠤᠷ ᠪᠦᠬᠦᠶ ᠳᠦ᠋ᠯᠦᠭᠠᠶ ᠶᠢᠨ ᠵᠡᠰᠡᠯ᠃ ᠭ᠋ᠠᠯᠭ᠋ᠠ ᠪᠡᠷᠭᠤ | ᠶᠡᠰᠦᠳᠡᠨ ᠳᠤ ᠬᠡᠷᠡᠭᠯᠡᠨᠡ᠃ ᠭᠡᠪᠡᠴᠦ ᠶᠡᠩᠵᠦ ᠨᠢ ᠠᠷᠡᠶ ᠡᠳᠳᠦᠤ︾᠃ ᠪᠡᠷᠭᠤ ᠠᠪᠡᠭᠠᠶ ᠶᠢᠨ ᠮᠦᠩᠬᠦᠨ ᠭ᠋ᠠᠪᠴᠢᠭ | ᠂ ᠳᠡᠳᠡᠭᠤᠷ᠂ ᠡᠩᠭᠡᠷ ᠤᠨ ᠭᠤᠤ᠂ ᠭ᠋ᠠᠵᠡᠭᠤᠨ ᠤ ᠲᠠᠤᠬᠠᠢ ᠵᠡᠷᠭᠡ ᠨᠢ ᠤᠳᠦ ᠨ᠋ᠦᠪᠦᠷ ᠮᠣᠩᠭᠤᠯ ᠤᠨ ᠮᠦᠽᠧᠶ ᠳᠤ | ᠭ᠋ᠠᠳᠡᠭᠠᠯᠡᠭ᠌ᠳᠡᠵᠦ ᠪᠦ᠋ᠶ᠃ ᠪᠡᠷᠭᠤᠴᠦᠳ ᠤᠨ ᠭᠠᠷ ᠲᠤ ᠭ᠋ᠠᠳᠡᠭᠠᠯᠡᠭ᠌ᠳᠡᠵᠦ ᠪᠠᠶᠢᠭᠠ ᠨᠢ ᠭ᠋ᠤᠪᠦᠷ ᠪᠦ᠋ᠯᠵᠡᠶ᠃ ᠵᠣᠭᠢᠶᠡᠭ᠌ᠴᠢ | ᠪᠢ ᠡᠷᠢᠵᠦ ᠰᠤᠷᠡᠭ᠌ᠯᠡᠭ᠌ᠰᠡᠭᠠᠷ ᠪᠠᠶᠢᠵᠦ ᠨᠢᠭᠡ ᠯᠡ ᠳᠡᠯᠡ ᠭ᠋ᠠᠪᠴᠢᠭᠤᠷ ᠤᠯᠵᠦ ᠭᠡᠮᠵᠢᠭᠰᠡᠨ ᠪᠠᠶᠢᠳᠡᠯ ᠢᠶᠠᠷ ᠪᠡᠷᠢᠮᠳᠡ | ᠪᠦ᠋ᠯᠭᠠᠪᠡᠯ᠄ | ᠮᠦᠩᠬᠦᠨ ᠭ᠋ᠠᠪᠴᠢᠭ ᠲᠤ 30 — 50 — 100 ᠯᠡᠩ ᠤᠨ ᠡᠳ᠋ ᠤᠨ ᠴᠡᠭᠠᠨ ᠮᠦᠩᠬᠦ ᠬᠡᠷᠡᠭᠯᠡᠳᠡᠭ | ᠨ᠋ᠦᠶᠡ ᠳᠤ ᠨᠢᠭᠡ ᠵᠢᠩ ᠮᠦᠩᠬᠦ ᠨᠢ ᠠᠷᠪᠡᠨ ᠵ᠊ ᠵᠷᠭᠤᠭᠠᠨ ᠯᠡᠩ ᠪᠠᠶᠢᠵᠡᠶ ᠭᠡᠨᠡ᠃ ᠭ᠋ᠠᠪᠴᠢᠭ ᠨᠢ ᠪᠡᠷᠡᠭᠤᠨ ᠵᠡᠬᠦᠨ | ᠭ᠋ᠤᠶᠡᠷ ᠳᠡᠯᠡ ᠪᠠᠶᠢᠵᠦ ᠤᠯᠡᠨ ᠵᠢᠵᠢᠭ ᠭ᠋ᠠᠪᠴᠢᠭᠤᠷ ᠠᠴᠠ ᠪᠦᠳᠦᠨᠡ᠃ ᠭ᠋ᠤᠶᠡᠷ ᠳᠡᠯᠡ ᠭ᠋ᠠᠪᠴᠢᠭ ᠤᠨ | ᠪᠦᠳᠦᠴᠡ ᠨᠢ ᠠᠳᠡᠯᠢ᠃ ᠨᠢᠭᠡ ᠳᠡᠯᠡ ᠭ᠋ᠠᠪᠴᠢᠭ ᠨᠢ 6 — 9 ᠭᠡᠰᠡᠭ ᠨᠢᠭᠡ ᠭ᠋ᠤᠦᠰ ᠠᠳᠡᠯᠢ ᠳᠦ᠋ᠭᠠᠨ ᠤ | ᠭ᠋ᠠᠪᠴᠢᠭᠤᠷ ᠠᠴᠠ ᠪᠦᠲᠦᠳᠡᠭ᠃ ᠭ᠋ᠠᠪᠴᠢᠭᠤᠷ ᠨᠢᠭᠡ ᠪᠦᠷᠢ ᠨᠢ ᠳᠦ᠋ᠯᠦᠭᠠᠶ᠂ ᠵᠦᠪ ᠪᠦ᠋ᠷᠦᠭᠤ ᠳᠡᠯᠡ ᠶᠢᠨ ᠨᠢᠮᠭᠡᠨ | ᠭ᠋ᠠᠪᠳᠡᠰᠦ ᠲᠠᠢ᠃ ᠳᠦ᠋ᠯᠦᠭᠠᠶ ᠨᠢ ᠠᠯᠦᠬᠠᠨ ᠭᠡᠯᠪᠡᠷᠢᠳᠡᠶ᠂ ᠤᠷᠳᠦᠪᠳᠦᠷ ᠳᠦᠷᠪᠡᠯᠵᠢᠨ ᠰᠡᠭᠤᠷᠢ ᠲᠠᠢ᠂ ᠱᠡᠳᠦᠯᠵᠢᠨ | ᠭᠡᠯᠪᠡᠷᠢᠳᠡᠶ ᠪᠠᠷ ᠭ᠋ᠤᠷᠦᠭᠤ ᠭᠢᠷᠢᠳᠡᠶ ᠨ᠋ᠦᠨᠳᠦᠷ ᠪᠦ᠋ᠯᠵᠦ ᠤᠷᠦᠶ ᠨᠢ ᠵᠢᠵᠢᠭ ᠤᠷᠳᠦ ᠳᠦᠷᠪᠡᠯᠵᠢᠨ᠃ ᠳᠡᠬᠦᠨ ᠤ | ᠭᠦᠪᠡᠭᠡ ᠶᠢ ᠪᠢᠳᠡᠬᠦᠤ ᠳᠦ᠋ᠭᠤᠷᠢᠭᠤᠯᠵᠦ ᠤᠳᠡᠰᠣᠨ ᠭ᠋ᠤᠸᠡᠷ ᠭᠠᠷᠭᠠᠵᠦ ᠳᠦ᠋ᠮᠳᠡᠭᠢ ᠵᠡᠶ ᠶᠢ ᠭᠤᠷᠪᠡᠨ ᠳᠡᠩᠴᠡᠬᠦᠤ | ᠭ᠋ᠤᠪᠢᠶᠡᠵᠦ ᠳᠡᠭᠡᠷᠡ ᠨᠢ ᠢᠵᠢᠯᠭᠡᠨ ᠵᠢᠵᠢᠭ ᠤᠯᠡᠭᠠᠡ ᠨᠣᠭᠤᠭᠠᠨ ᠱᠢᠷᠦ ᠶᠢ ᠠᠯᠡᠭ᠌ᠯᠡᠭᠤᠯᠦᠨ ᠰᠢᠬᠢᠳᠭᠡᠳᠡᠭ᠃ ᠭᠡᠷᠪᠡ | ᠱᠢᠷᠦ ᠰᠢᠭᠢᠳᠬᠡᠭᠡ ᠨ᠋ᠦᠭᠡᠶ ᠪᠠᠶᠢᠪᠡᠯ ᠤᠷᠦᠶ ᠳᠤᠨᠢ ᠭᠤᠶᠦ ᠴᠡᠴᠡᠭ ᠤᠨ ᠭ᠋ᠤᠸᠡᠷ ᠳᠦ᠋ᠪᠦᠭᠤᠷ ᠤᠷᠡᠯᠡᠳᠠᠭ᠃ | ᠳᠦ᠋ᠯᠦᠭᠠᠶ ᠶᠢᠨ ᠰᠡᠭᠤᠷᠢ ᠶᠢᠨ ᠳᠦ᠋ᠦᠷᠡ ᠵᠦᠪ ᠪᠦ᠋ᠷᠦᠭᠤ ᠳᠡᠯᠡ ᠶᠢᠨ ᠨᠡᠷᠢᠨ ᠤᠷᠳᠦ ᠨᠢᠮᠭᠡᠨ | ᠭ᠋ᠠᠪᠴᠢᠭᠤᠷ ᠤᠨ ᠳᠡᠭᠡᠳᠦ ᠨ᠋ᠦᠵᠦᠬᠦᠷ ᠢ ᠭᠠᠩᠨᠡᠵᠡᠶ᠃ ᠭ᠋ᠠᠪᠴᠢᠭᠤᠷ ᠨᠢᠭᠡ ᠪᠦᠷᠢ ᠳᠦ᠋ᠮᠳᠡᠴᠢ ᠪᠠᠷ ᠤᠷᠳᠦ ᠨᠢ 4 | ᠢᠮᠨᠬᠤ ᠭᠠᠷᠦᠶ᠂ ᠨ᠋ᠦᠷᠭᠡᠨ ᠨᠢ 5 — 8 ᠹᠧᠨ᠂ ᠵᠣᠵᠡᠭᠠᠨ ᠨᠢ 2 — 3 ᠹᠸᠡ᠂ ᠭᠦᠨᠳᠤ ᠨᠢ ᠳᠦ᠋ᠮᠳᠡᠴᠢ ᠪᠠᠷ | 1 ᠯᠡᠩ ᠤᠷᠴᠢᠮ᠃ ᠪᠦ᠋ᠷᠦᠭᠤ ᠳᠡᠯᠡ ᠶᠢᠨ ᠭ᠋ᠠᠪᠴᠢᠭᠤᠷ ᠤᠨ ᠳᠡᠭᠡᠳᠦ ᠭᠦᠪᠡᠭᠡᠨ ᠳᠤ ᠰᠢᠬᠠᠵᠦ ᠪᠦᠭᠡᠷᠡᠩᠭᠡᠶ ᠭᠦᠨᠳᠡᠶ | ᠭ᠋ᠤᠶᠡᠷ ᠡᠬᠡᠷᠴᠦᠭ ᠢ ᠭ᠋ᠤᠭᠤᠷᠦᠨᠳᠦ ᠪᠠᠨ ᠵᠡᠶ ᠲᠠᠢ ᠪᠠᠷ ᠭᠦᠨᠳᠡᠯᠡᠨ ᠭᠠᠩᠨᠡᠵᠡᠶ᠃ ᠳᠦ᠋ᠦᠷᠡᠳᠦ ᠭᠦᠪᠡᠭᠡᠨ ᠳᠤᠨᠢ | ᠰᠢᠬᠠᠵᠦ ᠨᠢᠭᠡ ᠪᠡᠭᠠᠬᠠᠨ ᠪᠦ᠋ᠰᠤᠭᠠ ᠰᠡᠨᠵᠢ ᠶᠢ ᠭᠤᠯᠳᠦ ᠪᠠᠷ ᠭᠠᠩᠨ᠋ᠨᠵᠡᠶ᠃ ᠵᠦᠪ ᠳᠡᠯᠡ ᠶᠢᠨ ᠭ᠋ᠠᠪᠴᠢᠭᠤᠷ ᠤᠨ | ᠤᠷᠳᠦ᠂ ᠨ᠋ᠦᠷᠭᠡᠨ᠂ ᠵᠣᠵᠡᠭᠠᠨ᠂ ᠭᠦᠨᠳᠦ ᠨᠢ ᠮᠦᠨ ᠳᠡᠭᠡᠷᠨᠭᠢ ᠭ᠋ᠠᠪᠴᠢᠭᠤᠷ ᠲᠠᠢ ᠠᠳᠡᠯᠢ᠃ ᠳᠦ᠋ᠳᠦᠷ ᠳᠡᠯᠡ ᠨᠢ | ᠭᠢᠯᠦᠭᠡᠷ᠂ ᠨᠢᠭᠤᠷ ᠳᠡᠯᠡ ᠶᠢᠨ ᠭᠦᠪᠡᠭᠡ ᠶᠢ ᠪᠢᠳᠡᠬᠦᠤ ᠳᠦ᠋ᠭᠤᠷᠢᠭᠤᠯᠵᠦ ᠨᠡᠷᠢᠨ ᠤᠳᠡᠰᠣᠨ ᠭ᠋ᠤᠸᠡᠷ ᠢᠶᠠᠷ ᠤᠷᠢᠶᠡᠪᠡ᠃ | ᠳᠦ᠋ᠮᠳᠡᠭᠢ ᠵᠡᠶ ᠳᠤᠨᠢ ᠨᠡᠪᠴᠢ ᠴᠡᠴᠡᠭ ᠤᠨ ᠭᠡ ᠤᠭᠠᠯᠵᠡ ᠴᠦ᠋ᠭᠢᠳᠠᠭ ᠪᠦ᠋ᠶᠦ ᠡᠰᠡᠬᠦᠯᠡ 3 — 5 ᠵᠢᠵᠢᠭ ᠱᠢᠷᠦ | ᠰᠢᠬᠢᠳᠭᠡᠭᠰᠡᠨ ᠪᠠᠶᠢᠳᠠᠭ᠃ ᠭ᠋ᠠᠪᠴᠢᠭᠤᠷ ᠤᠨ ᠳᠦ᠋ᠳᠦᠷ ᠳᠡᠯᠡ ᠶᠢᠨ ᠳᠡᠭᠡᠳᠦ ᠪᠡᠶᠡ ᠶᠢᠨ ᠳᠦ᠋ᠮᠳᠡ ᠨᠢ ᠨᠢᠭᠡ ᠡᠭᠡᠷᠴᠦᠭ | ᠭᠠᠩᠨᠡᠵᠡᠶ᠃ ᠡᠨᠡ ᠡᠭᠡᠷᠴᠦᠭ ᠨᠢ ᠪᠦ᠋ᠷᠦᠭᠤ ᠳᠡᠯᠡ ᠶᠢᠨ ᠭ᠋ᠤᠶᠡᠷ ᠡᠭᠡᠷᠴᠦᠭ ᠤᠨ ᠳᠦ᠋ᠮᠳᠡ ᠤᠷᠦᠵᠦ ᠶᠡᠪ ᠴᠡᠪ | ᠳᠡᠭᠠᠷᠨᠳᠠᠭ᠃ ᠳᠦ᠋ᠦᠷᠡᠳᠦ ᠭᠡᠰᠡᠭ ᠲᠤᠨᠢ ᠨᠢᠭᠡ ᠪᠢᠴᠢᠬᠠᠨ ᠳᠡᠭᠢᠷ ᠮᠦᠩᠬᠦᠨ ᠭᠤᠭ᠋ᠠ ︵ᠳᠡᠭᠡᠭᠡ︶ ᠶᠢ ᠭᠦᠳᠡᠯᠵᠦ | ᠪᠠᠶᠢᠬᠤ ᠪᠠᠷ ᠭ᠋ᠠᠳᠡᠳᠠᠭ᠃ ᠳᠡᠭᠢᠷ ᠭᠤᠬᠠᠨ ᠤ ᠳᠦ᠋ᠦᠷᠡᠳᠦ ᠲᠨᠯᠡ ᠳᠤ ᠨᠢᠭᠡ ᠨᠡᠷᠢᠨ ᠨᠦᠭᠡ ᠶᠢ ᠨᠡᠪᠳᠡ ᠭᠠᠷᠭᠠᠵᠡᠶ᠃ | ᠡᠨᠡ ᠨᠦᠭᠡᠨ ᠳᠤ ᠳᠦ᠋ᠦᠷᠡᠳᠦ ᠭᠤᠯᠳᠦ ᠰᠡᠨᠵᠢ ᠶᠢ ᠤᠭᠯᠠᠨ ᠭᠠᠷᠭᠠᠵᠦ ᠳᠡᠭᠢᠷ ᠭᠤᠭ᠋ᠠ ᠪᠠᠷ ᠳᠡᠭᠡᠭᠯᠡᠨᠡ᠃ | ᠭ᠋ᠠᠪᠴᠢᠭᠤᠷ ᠤᠨ ᠡᠭᠡᠷᠴᠦᠭ᠂ ᠭᠤᠭ᠋ᠠ᠂ ᠭᠤᠯᠳᠦ ᠨᠦᠭᠡ ᠶᠢᠨ ᠪᠠᠶᠢᠷᠢ ᠶᠢ ᠳᠦ᠋ᠩᠭᠤᠷᠡᠭᠤᠯᠵᠦ ᠭᠢᠭᠰᠡᠡ ᠴᠤ ᠪᠠᠶᠢᠳᠠᠭ | ᠃ ᠡᠨᠡ ᠨᠢ ᠪᠠᠶᠢᠷᠢ ᠰᠤᠯᠢᠭᠳᠡᠭ᠌ᠰᠡᠨ ᠳᠡᠳᠦᠶ ᠠᠴᠠ ᠪᠦ᠋ᠰᠦ᠂ ᠨ᠋ᠦᠰᠦ ᠭ᠋ᠠᠪᠴᠢᠬᠤ ᠳᠤ ᠶᠡᠮᠡᠷ ᠴᠦ ᠨᠦᠯᠦᠭᠡ ᠪᠦ᠋ᠯᠬᠤ | ᠨ᠋ᠦᠭᠡᠶ ᠶᠦ᠋ᠮ᠃ | ᠨᠢᠭᠡ ᠳᠡᠯᠡ ᠭ᠋ᠠᠪᠴᠢᠭ ᠲᠤ ᠡᠶᠢᠮᠦ ᠭ᠋ᠠᠪᠴᠢᠭᠤᠷ 6 — 9 ᠪᠠᠶᠢᠨᠡ᠃ ᠭ᠋ᠤᠶᠡᠷ ᠳᠡᠯᠠ ᠭ᠋ᠠᠪᠴᠢᠭ ᠲᠤ | 12 — 18 ᠭᠡᠰᠡᠭ ᠪᠦ᠋ᠶ᠃ ᠨᠢᠭᠡ ᠳᠡᠯᠡ ᠶᠢᠨ ᠭ᠋ᠠᠪᠴᠢᠭᠤᠷ ᠨᠢᠭᠡ ᠪᠦᠷᠢ ᠶᠢᠨ ᠤᠷᠳᠦ ᠤᠬᠤᠷ ᠨᠢ | ᠭ᠋ᠤᠭᠤᠷᠦᠨᠳᠦ ᠪᠠᠨ ᠪᠠᠭᠠ ᠵᠦᠷᠢᠶᠡ ᠲᠠᠢ᠃ ᠭ᠋ᠠᠮᠤᠭ ᠤᠨ ᠳᠡᠭᠡᠳᠦ ᠳᠡᠯᠡ ᠳᠠᠬᠢ ᠭ᠋ᠠᠪᠴᠢᠭᠤᠷ ᠨᠢ ᠪᠦ᠋ᠰᠣᠳ ᠠᠴᠠ ᠪᠠᠨ | ᠠᠷᠡᠶ ᠤᠷᠳᠦ᠃ ᠡᠬᠦᠨ ᠢ ᠰᠡᠪᠬᠠᠨ ᠭ᠋ᠠᠪᠴᠢᠭᠤᠷ ᠭᠡᠳᠡᠭ᠃ ᠡᠬᠦᠨ ᠤ ᠳᠦ᠋ᠯᠦᠭᠠᠶ ᠳᠤᠨᠢ ᠭᠠᠭᠴᠡᠬᠠᠨ ᠪᠦᠳᠦᠬᠦᠨ | ᠱᠢᠷᠦ ᠰᠨᠭᠤᠯᠭᠠᠵᠦ᠂ ᠪᠦ᠋ᠰᠣᠳ ᠭ᠋ᠠᠪᠴᠢᠭᠤᠷ ᠤᠳ ᠠᠴᠠ ᠢᠯᠭᠠᠨᠡ᠃ ᠡᠬᠦᠨ ᠠᠴᠠ ᠳᠦ᠋ᠷᠦᠭ᠌ᠰᠢᠯᠡᠬᠤ ᠳᠦ᠋ᠳᠦᠮ | ᠭ᠋ᠠᠪᠴᠢᠭᠤᠷ ᠨᠢᠭᠡ ᠪᠦᠷᠢ ᠨ᠋ᠦᠯᠦ ᠮᠡᠳᠡᠭ ᠪᠦ᠋ᠭᠤᠨᠢ ᠪᠦ᠋ᠯᠵᠦ᠂ ᠲᡂᠷᠡᠳᠦ ᠳᠡᠯᠡ ᠶᠢᠨ ᠭ᠋ᠠᠪᠴᠢᠭᠤᠷ ᠨᠢ ᠭ᠋ᠠᠮᠤᠭ ᠤᠨ | ᠤᠬᠤᠷ ᠪᠦ᠋ᠯᠦᠨᠡ᠃ | ᠨᠢᠭᠡ ᠳᠡᠯᠡ ᠶᠢᠨ ᠭ᠋ᠠᠪᠴᠢᠭ ᠤᠨ 6 — 9 ᠭᠡᠰᠡᠭ ᠭ᠋ᠠᠪᠴᠢᠭᠤᠷ ᠢ ᠲᠤᠭᠲᠠᠭᠠᠬᠤ ᠳᠠᠭᠠᠨ᠂ | ᠭ᠋ᠠᠪᠴᠢᠭᠤᠷ ᠨᠢᠭᠡ ᠪᠦᠷᠢ ᠶᠢᠨ ᠡᠭᠡᠷᠴᠦᠭ ᠢ ᠭ᠋ᠠᠷᠢᠯᠴᠡᠨ ᠳᠡᠭᠠᠷᠡᠭᠤᠯᠵᠦ᠂ ᠡᠭᠡᠷᠴᠦᠭ ᠤᠨ ᠭᠦᠨᠳᠡᠶ ᠪᠠᠷ ᠨᠢ ᠨᠡᠷᠢᠨ | ᠮᠦᠩᠬᠦᠨ ᠤᠳᠡᠰᠦ ᠪᠦ᠋ᠶᠤ ᠰᠤᠷ ᠢᠶᠠᠷ ᠭᠡᠯᠭᠢᠨ ᠭ᠋ᠠᠪᠴᠢᠭᠤᠷ ᠤᠳ ᠢ ᠭ᠋ᠤᠯᠪᠦᠪᠡᠯ ᠳᠡᠭᠡᠳᠦ ᠳᠡᠯᠡ ᠨᠢ ᠨᠢᠭᠡᠨ ᠴᠦ᠋ᠭ᠌ᠴᠡ | ᠪᠦ᠋ᠯᠤᠨ ᠲᠤᠭᠲᠠᠵᠤ ᠨᠢᠭᠡ ᠳᠡᠯᠡ ᠭ᠋ᠠᠪᠴᠢᠭ ᠪᠦᠲᠦᠨᠡ᠃ | ᠳᠦᠵᠪᠡ | ᠳᠦᠵᠪᠡ᠄ ︽ᠨ᠋ᠦᠰᠣᠨ ᠤ ᠭ᠋ᠠᠪᠴᠢᠭ ᠤᠨ ᠳᠦ᠋ᠦᠷᠡᠳᠦ ᠨ᠋ᠦᠵᠦᠬᠦᠷ ᠲᠤ ᠤᠭᠯᠡᠳᠠᠭ ᠳᠦ᠋ᠪᠬᠤᠭᠤᠷ ᠮᠦᠩᠬᠦᠨ | ᠭ᠋ᠤᠪᠭᠢ᠃ ᠳᠡᠬᠦᠨ ᠤ ᠳᠦ᠋ᠳᠦᠭᠤᠷ ᠭ᠋ᠠᠪᠴᠢᠭ ᠲᠤ ᠭ᠋ᠠᠪᠴᠢᠵᠤ ᠪᠠᠭᠳᠡᠬᠤ ᠨ᠋ᠦᠭᠡᠶ ᠨ᠋ᠦᠯᠡᠳᠡᠭᠰᠨ᠋ᠡ ᠨ᠋ᠦᠰᠦ ᠶᠢ ᠭᠦᠷᠦᠵᠦ | ᠭᠠᠷᠭᠠᠬᠤ ᠪᠦ᠋ᠶᠦ ᠳᠦ᠋ᠳᠦᠷᠡ ᠨᠢ ᠭ᠋ᠤᠶᠢᠯᠡᠵᠦ ᠭᠢᠨᠡ︾᠃ ᠳᠦ᠊ ᠵᠪᠡ ᠪᠡᠰᠡ ᠪᠡᠷᠡᠭᠤᠨ ᠵᠡᠬᠦᠨ ᠭ᠋ᠤᠶᠡᠷ ᠭᠡᠰᠡᠭ ᠪᠦ᠋ᠶ᠃ | ᠳᠦ᠊ ᠵᠪᠡ ᠳᠤ ᠳᠦ᠋ᠮᠳᠡᠴᠢ ᠪᠠᠷ 4 — 6 ᠯᠡᠩ ᠮᠦᠩᠬᠦ ᠬᠡᠷᠡᠭᠯᠡᠨᠡ᠃ ᠳᠦ᠊ ᠵᠪᠡ ᠶᠢᠨ ᠳᠡᠭᠡᠳᠦ ᠭᠡᠰᠡᠭ ᠨᠢ ᠳᠡᠯᠡ | ᠳᠦ᠋ᠭᠤᠷᠢᠭ ᠭᠡᠯᠪᠡᠷᠢᠳᠡᠶ᠃ ᠳ᠋ᠢᠶᠡᠮᠧᠳ᠋ᠷ ᠨᠢ ᠳᠦ᠋ᠦᠷᠡᠳᠦ ᠭ᠋ᠠᠪᠴᠢᠭᠤᠷ ᠲᠠᠢ ᠠᠳᠡᠯᠢ᠃ ᠳᠦ᠋ᠦᠷᠡᠳᠦ ᠭᠡᠰᠡᠭ ᠲᠤᠨᠢ ᠤᠷᠳᠦ | ᠳᠦᠷᠪᠡᠯᠵᠢᠨ ᠭᠦᠨᠳᠡᠶ ᠭ᠋ᠤᠭᠤᠯᠡᠶ ︵ᠭ᠋ᠤᠪᠭᠢ︶ ᠭᠠᠩᠨᠡᠵᠡᠶ᠃ ᠨᠢᠭᠤᠷ ᠲᠤᠨᠢ ᠨᠡᠭᠡᠭᠡᠵᠦ ᠭ᠋ᠠᠭᠠᠳᠠᠭ ᠭ᠋ᠠᠪᠠᠭᠭ ᠲᠠᠢ᠃ | ᠭᠠᠷ ᠳᠡᠯᠡ ᠳᠤᠨᠢ ᠰᠡᠨᠵᠢ ᠲᠠᠢ ᠪᠠᠶᠢᠵᠦ ᠮᠦᠩᠬᠦᠨ ᠰᠦᠯᠵᠢᠮᠡᠷ ᠢᠶᠠᠷ ᠭ᠋ᠤᠯᠪᠦᠳᠠᠭ᠃ ᠳᠦ᠊ ᠵᠪᠡ ᠨᠢ ᠭᠦᠨᠳᠡᠶ ᠳᠦ᠋ᠯᠡ | ᠨ᠋ᠦᠰᠣᠨ ᠤ ᠨ᠋ᠦᠵᠦᠬᠦᠷ ᠢ ᠰᠢᠷᠭᠤᠭᠤᠯᠦᠨ ᠭᠠᠷᠭᠠᠵᠦ ᠪᠦ᠋ᠯᠬᠤ ᠪᠦᠭᠡᠳ ᠳᠦ᠋ᠳᠦᠷᠡ ᠨᠢ ᠭ᠋ᠤᠶᠢᠯᠡᠵᠦ ᠭᠢᠭᠰᠡᠡ ᠴᠦ | ᠪᠦ᠋ᠯᠳᠠᠭ᠃ | ᠳᠦᠵᠪᠡ ᠶᠢᠨ ᠳᠡᠯᠡ ᠳᠦ᠋ᠭᠤᠷᠢᠭ ᠢ ᠪᠢᠳᠡᠭᠦᠦ ᠭᠦᠪᠡᠭᠡᠯᠡᠵᠦ ᠳᠦ᠋ᠳᠦᠷᠡ ᠨᠢ ᠭᠡ ᠤᠭᠠᠯᠵᠡ ᠭᠠᠷᠭᠠᠵᠦ᠂ | ᠳᠦ᠋ᠦᠷᠡᠳᠦ ᠭᠡᠰᠡᠭ ᠲᠤᠨᠢ ᠤᠯᠡᠭᠠᠨ ᠱᠢᠷᠦ ᠶᠢ ᠭᠤᠷᠪᠡᠯᠵᠢᠯᠡᠨ ᠰᠢᠭᠡᠳᠭᠡᠵᠡᠶ᠃ ᠭ᠋ᠤᠭᠤᠯᠡᠶ ᠶᠢ ᠨᠢ ᠪᠡᠰᠡ ᠬᠦ | ᠵᠪᠡᠭᠡᠯᠡᠵᠦ ᠤᠯᠡᠭᠠᠨ 2 ᠨᠣᠭᠤᠭᠠᠨ 1 ᠱᠢᠷᠦ ᠶᠢ ᠠᠯᠡᠭ᠌ᠯᠡᠭᠤᠯᠦᠨ ᠰᠢᠭᠢᠳᠭᠡᠪᠡ᠃ | ᠨ᠋ᠦᠰᠣᠨ ᠤ ᠪᠡᠯ | ᠨ᠋ᠦᠰᠣᠨ ᠤ ᠪᠡᠯ᠄ ᠭ᠋ᠠᠪᠴᠢᠭ ᠵᠡᠬᠦᠪᠡᠯ ᠨ᠋ᠦᠰᠣᠨ ᠤ ᠪᠡᠯ ᠬᠡᠷᠡᠭᠯᠡᠨᠡ᠃ ᠨ᠋ᠦᠰᠣᠨ ᠤ ᠪᠡᠯ ᠮᠦᠨ ᠭ᠋ᠤᠶᠡᠷ | ᠪᠦ᠋ᠶ᠃ ᠪᠡᠯ ᠳᠤ ᠳᠦᠭᠦᠷᠢᠭ ᠪᠡᠯ ︵ᠵᠣᠭᠤᠰᠣᠨ ᠪᠡᠯ︶᠂ ᠰᠦᠯᠵ᠊ ᠵᠮᠡᠷ ᠲᠠᠢ ᠪᠡᠯ᠂ ᠵᠢᠷᠦᠭᠡᠨ ᠪᠡᠯ᠂ ᠲᠠᠦᠬᠠᠶ ᠪᠡᠯ | ᠵᠡᠷᠭᠡ ᠤᠯᠡᠨ ᠶᠡᠩᠵᠦ ᠪᠠᠶᠢᠳᠠᠭ᠃ ᠪᠡᠯ ᠨᠢ ᠪᠦᠳᠦᠬᠦᠨ ᠪᠠᠭᠠ᠂ ᠵᠣᠵᠡᠭᠠᠨ ᠨᠢᠮᠭᠡᠨ ᠤᠭᠠᠯᠵᠡ ᠭ᠋ᠤᠸᠡᠷ ᠲᠠᠢ ᠪᠦ᠋ᠶᠦ | ᠤᠭᠠᠯᠵᠡ ᠭ᠋ᠤᠸᠡᠷ ᠨ᠋ᠦᠭᠡᠶ ᠮᠡᠳᠦ ᠤᠯᠡᠨ ᠵᠦᠵᠯ ᠪᠠᠶᠢᠳᠠᠭ᠃ | ᠰᠢᠪᠡᠷᠭᠡᠯ | ᠰᠢᠪᠡᠷᠭᠡᠯ ︵ᠰᠢᠪᠡᠷᠡᠯᠭᠡ︶᠄ ︽ᠰᠢᠪᠡᠷᠭᠡᠯ ᠪᠦ᠋ᠯ ᠤᠭ ᠲᠠᠭᠠᠨ ᠰᠢᠨᠡ ᠪᠡᠷᠢ ᠳᠤ ᠳᠦ᠋ᠳᠡᠭ᠌ᠳᠡᠵᠦ ᠪᠦ᠋ᠯᠳᠠᠭ | ᠨ᠋ᠦᠭᠡᠶ ᠵᠡᠰᠡᠯ ᠴᠢᠮᠡᠭᠯᠨᠯ ᠤᠨ ᠨᠢᠭᠡ ᠪᠠᠶᠢᠭᠰᠡᠨ ᠶᠦ᠋ᠮ᠃ ᠡᠨᠡ ᠨᠢ ︿ᠵᠣᠰᠠᠭ ᠢᠮᠠᠭᠠ ᠵᠢᠷᠭᠤᠭᠠᠨ ᠡᠪᠡᠷ ᠲᠠᠢ᠂ ᠵᠣᠳ | ᠪᠦ᠋ᠯᠪᠡᠯ ᠭ᠋ᠤᠶᠡᠷ ᠡᠪᠡᠷ ᠲᠠᠢ﹀ ᠭᠡᠳᠡᠭ ᠢᠶᠠᠷ ᠨ᠋ᠦᠰᠤ ᠪᠠᠨ ᠭ᠋ᠠᠯᠬᠠᠯᠡᠵᠦ᠂ ᠡᠪᠦᠭᠡ ᠳᠡᠭᠡᠳᠦᠰ ᠲᠡᠭᠡᠨ ᠨ᠋ᠦᠵᠨᠬᠦᠯᠬᠦ ᠨ᠋ᠦᠭᠡᠶ | ᠭᠡᠰᠡᠨ ᠳᠡᠮᠳᠡᠭ ᠵᠡᠰᠡᠯ ᠪᠦ᠋ᠯᠦᠨᠡ︾᠃ ᠰᠢᠪᠡᠷᠭᠡᠯ ᠢ ᠭ᠋ᠤᠷᠭᠤᠶ ᠵᠡᠷᠭᠡ ᠪᠠᠷ ᠤᠷᠳᠦ ᠭ᠋ᠠᠪᠳ᠋ᠨᠭᠠᠶ ᠭᠢᠳᠡᠭ᠃ | ᠳᠡᠭᠡᠷᠡ ᠪᠠᠨ ᠨᠡᠷᠢᠨ ᠪᠠᠶᠢᠵᠦ ᠳᠦ᠋ᠷᠦᠭ᠌ᠰᠢᠯᠡᠬᠤ ᠳᠦ᠋ᠳᠦᠮ ᠢᠶᠠᠨ ᠨ᠋ᠦᠷᠭᠡᠨ ᠪᠦ᠋ᠯᠦᠭᠠᠳ ᠨ᠋ᠦᠵᠦᠬᠦᠷ ᠢ ᠭᠤᠷᠪᠡᠯᠵᠢᠨ᠂ | ᠨ᠋ᠦᠵᠦᠬᠦᠷ ᠲᠤᠨᠢ ᠤᠯᠡᠭᠠᠨ ᠳᠦ᠋ᠷᠭᠠᠨ ᠤᠳᠡᠰᠦ ᠪᠠᠷ ᠴᠡᠴᠤᠭ ᠭᠢᠵᠦ ᠤᠨᠵᠢᠭᠤᠯᠳᠠᠭ᠃ ᠤᠷᠳᠦ ᠤᠬᠤᠷ ᠢ | ᠭᠡᠷᠡᠭᠯᠡᠭᠴᠢ ᠶᠢᠨ ᠪᠡᠶᠡ ᠶᠢᠨ ᠨ᠋ᠦᠨᠳᠦᠷ ᠠᠯᠴᠡᠭᠠᠷ ︵ᠪᠦ᠋ᠭᠤᠨᠢ︶ ᠲᠠᠢ ᠵᠣᠭᠢᠴᠡᠭᠤᠯᠦᠨ ᠭᠢᠳᠡᠭ᠃ ᠰᠢᠪᠡᠷᠭᠡᠯ ᠤᠨ | ᠭᠦᠪᠡᠭᠡ ᠶᠢ ᠨ᠋ᠦᠩᠭᠡ ᠶᠢᠨ ᠳᠦ᠋ᠷᠭᠠᠨ ᠤᠳᠡᠰᠦ ᠪᠠᠷ ᠰᠢᠭᠯᠠᠨ ᠭᠦᠪᠡᠭᠡᠯᠡᠳᠡᠭ᠃ ᠳᠡᠭᠡᠷᠡ ᠠᠴᠠ ᠳᠦ᠋ᠷᠦᠭ᠌ᠰᠢ 5 — | 6 ᠨ᠋ᠦᠶᠡ ᠳᠦᠷᠪᠡᠯᠵᠢᠨ ᠭ᠋ᠤᠪᠢᠶᠡᠵᠦ ᠨ᠋ᠦᠶᠡ ᠪᠦᠷᠢ ᠶᠢ ᠨᠡᠷᠢᠨ ᠮᠦᠩᠬᠦᠨ ᠰᠦᠯᠵᠢᠮᠡᠷ ᠢᠶᠠᠷ ᠭᠦᠨᠳᠡᠯᠡᠨ ᠭ᠋ᠤᠯᠪᠦᠨ | ᠴᠢᠮᠡᠭᠯᠡᠭᠡᠳ ᠳᠦ᠋ᠮᠳᠡᠭᠢ ᠵᠡᠶ ᠳᠤᠨᠢ ᠵᠢᠵᠢᠭ ᠳᠦ᠋ᠨᠦᠯᠵ᠊ ᠵᠡ ᠮᠦᠩᠬᠦᠨ ᠴᠡᠴᠡᠭ᠂ ᠱᠢᠷᠦ᠂ ᠤᠭ᠍ᠶᠦ᠂ ᠮᠦᠩᠬᠦᠨ ᠭ᠋ᠤᠩᠬᠤ | ᠵᠡᠷᠭᠡ ᠶᠢ ᠭ᠋ᠠᠳᠡᠵᠦ ᠴᠢᠮᠡᠭᠯᠨᠳᠡᠭ᠃ | ᠮᠦᠩᠭᠦᠨ ᠲᠠᠲᠠᠭᠤᠷ | ᠮᠦᠩᠬᠦᠨ ᠳᠡᠳᠡᠭᠤᠷ᠄ ︽ᠭᠤᠷᠪᠡᠨ ᠭ᠋ᠤᠷᠦᠭᠤ ᠭᠢᠷᠢ ᠤ᠊ ᠵᠷᠭᠡᠨ ᠴᠡᠭᠠᠷᠢᠭ ᠮᠦᠩᠬᠦᠨ ᠳᠡᠭᠡᠷᠡ ᠱᠢᠷᠦ | ᠰᠢᠭᠢᠳᠬᠡᠭᠡ ᠳᠡᠭᠠᠷᠡᠭᠤᠯᠵᠦ ᠭᠢᠭᠰᠡᠡ᠂ ᠭ᠋ᠠᠪᠴᠢᠭ ᠳᠡᠭᠡᠷᠡ ᠳᠡᠯᠪᠢᠵᠦ ᠵᠡᠬᠦᠬᠦ ᠠᠪᠡᠭᠠᠶ ᠭᠦᠮᠦᠨ ᠤ ᠳᠦ᠋ᠯᠦᠭᠠᠶ ᠶᠢᠨ | ᠵᠡᠰᠡᠯ︾᠃ ᠪᠡᠷᠭᠤᠴᠦᠳ ︽ᠳᠦ᠋ᠮᠦ ᠵᠢᠵᠢᠭ ᠱᠢᠷᠦ ᠬᠡᠯᠬᠢᠵᠦ ᠳᠦ᠋ᠭᠤᠷᠢᠭᠤᠯᠦᠭ᠌ᠰᠡᠨ ᠳᠦ᠋ᠪᠦᠷᠦᠤ ᠲᠠᠢ ᠮᠦᠩᠬᠦᠨ | ᠳᠡᠳᠡᠭᠤᠷ︾ ᠴᠦ ᠭᠡᠳᠡᠭ ᠪᠢᠯᠡ᠃ ᠮᠦᠩᠬᠦᠨ ᠳᠡᠳᠡᠭᠤᠷ ᠤᠳᠦ ᠨ᠋ᠦᠪᠦᠷ ᠮᠣᠩᠭᠤᠯ ᠤᠨ ᠮᠦᠽᠧᠶ ᠳᠤ | ᠭ᠋ᠠᠳ᠋ᠨᠭᠠᠯᠡᠭ᠌ᠳᠡᠵᠦ ᠪᠦ᠋ᠶ᠃ ᠳᠡᠳᠡᠭᠤᠷ ᠭᠢᠬᠦ ᠳᠤ ᠳᠦ᠋ᠮᠳᠡᠴᠢ ᠪᠠᠷ 10 — 20 ᠯᠡᠩ ᠴᠡᠭᠠᠨ ᠮᠦᠩᠬᠦ ᠬᠡᠷᠡᠭᠯᠡᠨᠡ᠃ | ᠳᠡᠳᠡᠭᠤᠷ ᠨᠢ ᠶᠡᠷᠦᠩᠭᠡᠶ ᠳᠡᠭᠡᠨ ᠨ᠋ᠦᠷᠭᠡᠨ ᠨᠢ 1 ᠢᠮᠡᠬᠤ 2 ᠹᠸᠡ᠂ ᠤᠷᠳᠦ ᠨᠢ 13 — 15 ᠢᠮᠡᠬᠤ ᠤᠷᠴᠢᠮ | ᠂ ᠵᠣᠵᠡᠭᠠᠨ ᠨᠢ 1 — 2 ᠹᠸᠡ᠃ ᠳ᠋ᠢᠶᠡᠮᠧᠳ᠋ᠷ ᠨᠢ 5 ᠢᠮᠡᠬᠤ ᠤᠷᠴᠢᠮ᠂ ᠳᠦ᠋ᠭᠤᠷ᠊ ᠵᠭ᠋ ᠭ᠋ᠠᠪᠳᠡᠭᠠᠶ ᠮᠦᠩᠬᠦ ᠪᠠᠷ | ᠪᠦᠳᠦᠨᠡ᠃ ᠳᠡᠳᠡᠭᠤᠷ ᠤᠨ ᠰᠢᠯᠢ ᠶᠢᠨ ᠭᠡᠰᠡᠭ ᠨᠢ ᠳᠦᠷᠪᠡᠯᠵᠢᠨ᠃ ᠡᠬᠦᠨ ᠢ ᠰᠢᠯᠢᠪᠴᠢ ᠭᠡᠳᠡᠭ᠃ ᠨᠢᠭᠤᠷ ︵ | ᠭᠠᠳᠡᠷ︶ ᠳᠡᠯᠡ ᠳᠤᠨᠢ ᠠᠷᠰᠯᠡᠨ ᠭ᠋ᠤᠸᠡᠷᠯᠡᠨ ᠴᠦ᠋ᠭᠢᠵᠦ᠂ ᠠᠮᠢ ᠨᠡᠰᠦ ᠶᠢ ᠭ᠋ᠠᠮᠡᠭᠠᠯᠡᠬᠤ ᠶᠢ ᠪᠡᠯᠭᠡᠳᠡᠨᠡ᠃ | ᠰᠢᠯᠢᠪᠴᠢ ᠶᠢ ᠭ᠋ᠠᠯᠳᠦ ᠭ᠋ᠠᠷᠡᠬᠤ ᠳᠤ ᠡᠭᠡᠷᠴᠦᠭ ᠲᠠᠢ ᠮᠡᠳᠦ ᠪᠠᠶᠢᠳᠠᠭ ᠪᠦ᠋ᠯᠪᠡᠴᠦ ᠨᠡᠭᠡᠭᠡᠵᠦ ᠭ᠋ᠠᠭᠠᠵᠦ ᠪᠦ᠋ᠯᠳᠠᠭ ᠨ᠋ᠦᠭᠡᠶ | ᠪᠢᠯᠡ᠃ ᠰ᠊ ᠵᠯᠢᠪᠴᠢ ᠶᠢᠨ ᠳᠦ᠋ᠦᠷᠡ ᠭᠦᠪᠡᠭᠡᠨ ᠳᠤ ᠭᠤᠷᠪᠡᠨ ᠮᠦᠩᠬᠦᠨ ᠰᠡᠨᠵᠢ ᠶᠢ ᠳᠡᠩᠴᠡᠬᠦᠤ ᠵᠡᠶ ᠲᠠᠢ ᠭᠠᠩᠨᠡᠳᠠᠭ | ᠃ ᠡᠬᠦᠨ ᠠᠴᠠ ᠠᠳᠡᠯᠢ ᠭᠤᠷᠪᠡᠨ ᠮᠦᠩᠬᠦᠨ ᠳᠦ᠋ᠪᠴᠢ ᠡᠮᠬᠦᠬᠦᠯᠦᠨ ᠳᠡᠬᠦᠵᠢᠯᠡᠳᠡᠭ᠃ ᠳᠡᠳᠡᠭᠤᠷ ᠤᠨ | ᠭᠤᠦᠯ ᠢᠶᠠᠷ ᠨᠢ ᠳᠦ᠋ᠮᠦ ᠪᠦ᠋ᠶᠦ ᠵᠢᠵᠢᠭ ᠤᠯᠡᠭᠠᠨ ᠱᠢᠷᠦ ᠶᠢ ᠳᠦ᠋ᠭᠤᠷᠢᠭᠤᠯᠵᠦ ᠰᠡᠭᠤᠯᠭᠠᠳᠠᠭ᠃ ᠱᠢᠷᠦ ᠨᠢ ᠪᠦᠳᠦᠬᠦᠨ | ᠪᠦ᠋ᠯ ᠳᠦ᠋ᠮᠦᠬᠠᠨ ᠱᠢᠷᠦ ᠶᠢ ᠭᠤᠦᠯ ᠳᠤᠨᠢ ᠰᠡᠭᠤᠯᠭᠠᠵᠦ ᠳᠡᠬᠦᠨ ᠠᠴᠠ ᠵᠢᠵᠢᠭ ᠱᠢᠷᠦ ᠶᠢ ᠭ᠋ᠤᠶᠡᠷ ᠳᠡᠯᠡ ᠳᠤᠨᠢ ᠭ᠋ᠤᠦᠰ | ᠭ᠋ᠤᠦᠰ ᠢᠶᠠᠷ ᠳᠡᠩᠴᠡᠬᠦᠤ ᠵᠡᠶ ᠲᠠᠢ ᠰᠡᠭᠤᠯᠭᠠᠳᠠᠭ ᠪᠢᠯᠡ᠃ ᠱᠢᠷᠦ ᠨᠢ ᠵᠢᠵᠢᠭ ᠪᠠᠶᠢᠪᠡᠯ ᠠᠷᠪᠡᠭᠠᠳ ᠱᠢᠷᠦ ᠶᠢ | ᠳᠦ᠋ᠭᠤᠷᠢᠭᠤᠯᠵᠦ ᠰᠡᠭᠤᠯᠭᠠᠳᠠᠭ ᠴᠦ ᠪᠦ᠋ᠶ᠃ ᠱᠢᠷᠦ ᠶᠢᠨ ᠭ᠋ᠤᠶᠡᠷ ᠵᠠᠭ᠋ᠠ ᠶᠢᠨ ᠭᠦᠪᠡᠭᠡ ᠶᠢ ᠴᠡᠴᠡᠭ ᠭ᠋ᠤᠸᠡᠷ ᠢᠶᠠᠷ | ᠭᠦᠪᠦ᠋᠊ ᠵᠯᠭᠡᠨ ᠴᠦ᠋ᠭᠢᠵᠦ ᠴᠢᠮᠡᠭᠯᠨᠳᠡᠭ᠃ | ᠭ᠋ᠠᠵᠡᠭᠤᠨ ᠤ ᠮᠦᠩᠬᠦᠨ ᠵᠡᠰᠡᠯ | ᠡᠨᠡ ᠵᠡᠰᠡᠯ ᠤᠨ ᠵᠡᠭ᠌ᠪᠦᠷ ᠤᠳᠦ ᠤᠯᠳᠠᠬᠤ ᠪᠠᠨ ᠪᠦ᠋ᠯᠢᠭ᠌ᠰᠡᠨ ᠪᠢᠯᠡ᠃ ᠡᠩᠭᠡᠷ ᠤᠨ ᠪᠦ᠋ᠶᠦ ᠡᠯᠢᠭᠡᠨ ᠤ ᠭᠤᠤ᠂ | ᠮᠦᠷᠦᠨ ᠤ ᠭᠤᠤ᠂ ᠠᠷᠦ ᠶᠢᠨ ᠪᠦ᠋ᠶᠦ ᠴᠡᠭᠡᠵᠢᠨ ᠤ ᠭᠤᠤ ᠭᠤᠷᠪᠡ ᠪᠦ᠋ᠯ ᠨᠢᠭᠡ ᠴᠡᠭᠡᠵᠢᠪᠴᠢᠨ ᠳᠤ ᠭ᠋ᠠᠳᠡᠭᠠᠰᠣᠳᠡᠶ | ᠪᠠᠶᠢᠳᠠᠭ᠃ ᠨ᠋ᠦᠭᠡᠷᠡ ᠪᠠᠷ ᠭᠡᠯᠡᠪᠡᠯ᠂ ᠭ᠋ᠠᠮᠳᠦ ᠳᠤᠨᠢ ᠵᠡᠭᠦᠳᠡᠭ ᠲᠦᠭᠦᠷᠵᠢᠭᠰᠡᠨ ᠵᠡᠰᠡᠯ ᠶᠦ᠋ᠮ᠃ ᠴᠡᠭᠡᠵᠢᠪᠴᠢ ᠨᠢ | ᠳᠦ᠋ᠰ ᠪᠦᠷᠢ ᠶᠢᠨ ᠭᠤᠤ ᠲᠠᠢ ᠪᠠᠨ ᠨ᠋ᠦᠨᠳᠦᠰᠣᠨ ᠳᠡᠭᠡᠷᠡ ᠪᠠᠨ ᠠᠳᠡᠯᠢ ᠭᠡᠮᠵᠢᠶᠡ ᠲᠠᠢ ᠪᠦᠭᠡᠳ ᠤᠯᠡᠩᠬᠢ ᠳᠠᠭᠠᠨ | ᠤᠯᠡᠭᠠᠨ ᠭ᠋ᠤᠷᠭᠤᠶ ᠪᠠᠷ ᠨ᠋ᠦᠩᠭᠡᠯᠡᠵᠦ ᠭᠢᠳᠡᠭ᠃ ᠵᠦᠪ ᠳᠡᠯᠡ ᠶᠢᠨ ᠰᠤᠭᠤᠨ ᠳᠠᠭᠠᠨ ᠰᠢᠯᠪᠢ ᠳᠦ᠋ᠪᠴᠢ ᠲᠠᠢ᠃ | ᠭᠤᠷᠪᠡᠨ ᠭᠤᠤ ᠲᠠᠢ ᠴᠡᠭᠡᠵᠢᠪᠴᠢ ᠪᠠᠨ ᠤᠦᠵᠢᠨ ᠤ ᠳᠡᠭᠡᠬᠦᠷ ᠡᠮᠦᠰᠣᠨᠡ᠃ ᠡᠶᠢᠮᠦ ᠠᠴᠠ ᠴᠡᠭᠡᠵᠢᠪᠴᠢ ᠨᠢ | ᠤᠦᠵᠢᠨ ᠤ ᠴᠡᠭᠡᠵᠢ ᠠᠴᠠ ᠪᠠᠭᠠ ᠪᠠᠶᠢᠵᠦ᠂ ᠤᠦᠵᠢᠨ ᠤ ᠡᠮᠵᠢᠶᠡᠷᠢ ᠶᠢ ᠳᠡᠷᠦᠬᠤ ᠨ᠋ᠦᠭᠡᠶ ᠪᠠᠶᠢᠬᠤ ᠪᠠᠷ | ᠳᠡᠭᠠᠷᠡᠭᠤᠯᠳᠠᠭ᠃ ᠡᠨᠡ ᠭᠤᠷᠪᠡᠨ ᠭᠤᠤ ᠶᠢ ᠠᠪᠡᠭᠠᠶ ᠪᠦ᠋ᠯᠦᠭ᠌ᠰᠡᠳ ᠨᠢᠭᠡ ᠪᠦᠷᠢ ᠭᠡᠷᠡᠭᠯᠨᠵᠦ ᠴᠢᠳᠡᠳᠠᠭ ᠨ᠋ᠦᠭᠡᠶ | ᠪᠠᠶᠢᠭᠰᠡᠨ ᠶᠦ᠋ᠮ ᠭᠡᠨᠡ᠃ ᠵᠦᠪᠭᠡᠨ ᠠᠵᠤ ᠠᠮᠢᠳᠦᠷᠡᠯ ᠨᠢ ᠪᠡᠶᠡᠨ ᠴᠢᠨᠡᠭᠡᠯᠢᠭ ᠪᠦ᠋ᠶᠦ ᠨᠣᠶ᠋ᠨ᠋ᠦᠨ ᠤᠨ ᠨ᠋ᠦᠷᠡ ᠭᠡᠦᠭᠡᠳ᠂ | ᠡᠶᠢᠮᠦᠷᠬᠦ ᠭ᠋ᠤᠶᠡᠷ ᠠᠶᠢᠯ ᠭ᠋ᠠᠷᠢᠯᠴᠡᠨ ᠭ᠋ᠤᠳᠡ ᠤᠷᠤᠭ ᠪᠦ᠋ᠯᠦᠯᠴᠡᠬᠤ᠂ ᠡᠰᠡᠬᠦᠯᠡ ᠶᠡᠭᠡᠰ ᠯᠡᠮᠡ ᠨᠡᠷ ᠤᠨ ᠠᠴᠢ | ᠭᠤᠴᠢ ᠨᠡᠷ ᠤᠨ ᠤᠷᠤᠭ ᠭ᠋ᠤᠷᠢᠮ ᠪᠦ᠋ᠯᠬᠤ ᠳᠤ ᠪᠡᠯᠡᠳᠭᠡᠬᠦ ᠨᠢ ᠤᠯᠠᠨᠲᠠ ᠪᠠᠶᠢᠭᠰᠡᠨ ᠭᠡᠨᠡ᠃ ᠡᠨᠡ ᠪᠦᠬᠦᠳᠡ ᠶᠢ | ᠭᠢᠵᠦ ᠪᠦᠷᠢᠳᠦᠬᠦᠯᠬᠦ ᠳᠤ ᠭᠡᠷᠡᠭᠯᠨᠬᠦ ᠴᠡᠭᠠᠨ ᠮᠦᠩᠬᠦ᠂ ᠭᠢᠬᠦ ᠴᠠᠭ ᠭ᠋ᠤᠭᠤᠴᠠᠭᠠ᠂ ᠭᠠᠷ ᠤᠨ ᠭᠦᠯᠦᠰᠦ ᠵᠡᠷᠭᠡ ᠨᠢ | ᠶᠡᠭᠡᠳᠡᠶ ᠪᠠᠶᠢᠳᠠᠭ ᠠᠴᠠ ᠡᠶᠢᠮᠦ ᠪᠦ᠋ᠯᠦᠭ᠌ᠰᠡᠨ ᠶᠦ᠋ᠮ ᠭᠡᠨᠡ᠃ ᠡᠶᠢᠮᠦ ᠠᠴᠠ ᠭᠤᠷᠪᠡᠨ ᠭᠤᠤ ᠨᠢ ᠨ᠋ᠦᠷᠭᠡᠨ ᠭᠡᠷᠡᠭᠯᠡᠭᠳᠡᠵᠦ | ᠴᠢᠳᠠᠭᠠ ᠨ᠋ᠦᠭᠡᠶ ᠪᠠᠶᠢᠵᠡᠶ᠃ | ᠮᠦᠩᠭᠦᠨ ᠭᠤᠤ | ᠡᠩᠭᠡᠷ ᠤᠨ ᠪᠦ᠋ᠶᠦ ᠡᠯᠢᠭᠡᠨ ᠤ ᠭᠤᠤ᠄ ᠳᠦ᠋ᠰ ᠵᠡᠰᠡᠯ ᠨᠢ ᠨ᠋ᠦᠪᠦᠷ ᠮᠣᠩᠭᠤᠯ ᠤᠨ ᠮᠦᠽᠧᠶ ᠳᠤ ᠪᠦ᠋ᠶ᠃ | ᠡᠨᠡ ᠨᠢ ᠮᠦᠩᠬᠦᠨ ᠭᠤᠦᠷᠴᠠᠭ ᠪᠡ ᠡᠩᠭᠡᠷ ᠤᠨ ᠭᠤᠤ ᠶᠢ ᠭ᠋ᠠᠮᠳᠤ ᠳᠤᠨᠢ ᠬᠡᠯᠬᠢᠵᠦ ᠪᠦᠳᠦᠭᠰᠨ᠋ᠡ ᠡᠳ᠋ᠯᠡᠯ ᠪᠢᠯᠡ᠃ | ᠪᠡᠷᠭᠤᠴᡂᠨ ᠡᠬᠦᠨ ᠲᠠᠢ ᠠᠳᠡᠯᠢ ᠭᠤᠦᠷᠴᠠᠭ ᠪᠦ᠋ᠯᠦᠨ ᠭᠤᠤ ᠶᠢ ᠵᠡᠬᠦᠬᠦ ᠪᠠᠷ ᠪᠡᠷᠡᠬᠤ ᠨ᠋ᠦᠭᠡᠶ ᠡᠩᠭᠡᠷ ᠤᠨ ᠭᠤᠤ ᠶᠢ | ᠠᠰ ᠲᠤᠨᠢ ᠭᠢᠵᠦ ᠵᠡᠭᠦᠳᠡᠭ ᠴᠦ ᠪᠦ᠋ᠶ᠃ | ᠡᠩᠭᠡᠷ ᠤᠨ ᠭᠤᠤ ᠶᠢ ᠮᠦᠩᠬᠦ ᠪᠠᠷ ᠬᠢᠳᠡᠭ᠃ ᠨᠢᠭᠡ ᠭᠤᠦ ᠭᠢᠬᠦ ᠳᠤ ᠳᠦ᠋ᠮᠳᠡᠴᠢ ᠪᠠᠷ 3 — 5 ᠯᠡᠩ | ᠤᠷᠴᠢᠮ ᠤᠨ ᠮᠦᠩᠬᠦ ᠬᠡᠷᠡᠭᠯᠡᠨᠡ᠃ ᠭᠤᠤ ᠨᠢ ᠭ᠋ᠠᠪᠳᠡᠭᠠᠶ ᠪᠦᠭᠡᠳ ᠭᠦᠨᠳᠡᠶ ᠭ᠋ᠤᠶᠡᠷ ᠭᠡᠰᠡᠭ ᠠᠴᠠ ᠪᠦᠳᠦᠭᠰᠨ᠋ᠡ | ᠠᠵᠢ᠃ ᠭ᠋ᠤᠶᠡᠷ ᠭ᠋ᠠᠵᠡᠭᠤ ᠨᠢ ᠭ᠋ᠤᠸᠡᠷ ᠲᠠᠢ ᠪᠦ᠋ᠶᠦ ᠨᠢᠭᠤᠷ ᠨᠢ ᠭ᠋ᠤᠸᠡᠷ ᠲᠠᠢ᠂ ᠠᠷᠦ ᠨᠢ ᠭᠢᠯᠦᠭᠡᠷ ᠴᠦ ᠪᠠᠶᠢᠳᠠᠭ᠃ | ᠭᠡᠯᠪᠡᠷᠢ ᠨᠢ ᠳᠦᠷᠪᠡᠯᠵᠢᠨ᠂ ᠳᠦᠭᠦᠷᠢᠭ ᠨᠡ᠊ ᠵᠮᠡᠨ ᠦᠨᠴᠦᠭ ᠲᠠᠢ ᠵᠡᠷᠭᠡ ᠤᠯᠡᠨ ᠶᠡᠩᠵᠦ ᠪᠦ᠋ᠶ᠃ ᠭᠡᠷᠡᠯ ᠵᠢᠷᠤᠭ ᠢᠶᠠᠷ | ᠵᠢᠱᠢᠶᠡ ᠪᠦ᠋ᠯᠭᠠᠪᠡᠯ᠂ ᠭ᠋ᠤᠶᠡᠷ ᠳᠡᠪᠬᠤᠷ ᠬᠦᠪᠡᠭᠡ ᠲᠠᠢ᠂ ᠭᠤᠦᠯ ᠳᠤᠨᠢ ᠨᠣᠷᠪᠦ᠂ ᠨᠣᠷᠪᠦ ᠶᠢᠨ ᠳᠦ᠋ᠦᠷᠡᠳᠦ ᠳᠡᠯᠡ ᠳᠤᠨᠢ | ᠠᠭᠤᠯᠡ᠂ ᠭ᠋ᠤᠶᠡᠷ ᠭ᠋ᠠᠵᠡᠭᠤ ᠳᠤᠨᠢ ᠮᠣᠳᠦᠨ ᠭ᠋ᠤᠸᠡᠷ ᠲᠠᠢ᠃ ᠡᠯᠢᠭᠡᠨ ᠤ ᠭᠤᠤ ᠶᠢ ᠳ᠋ᠠᠩ ᠢᠶᠠᠷ ᠨᠢ ᠵᠡᠬᠦᠬᠦ ᠳᠤ | ᠭᠦᠷᠪᠡᠯ ᠳᠡᠭᠡᠳᠦ ᠳᠡᠯᠡ ᠳᠤᠨᠢ ᠨᠢᠭᠡ ᠪᠦ᠋ᠶᠦ ᠭ᠋ᠤᠶᠡᠷ ᠰᠨ᠋ᠡᠵᠢ ᠡᠰᠡᠬᠦᠯᠡ ᠡᠭᠡᠷᠴᠦᠭ ᠭᠠᠩᠨᠠᠭᠰᠠᠨ ᠪᠠᠶᠢᠵᠦ ᠪᠦ᠋ᠯᠬᠤ | ᠪᠦᠭᠡᠳ ᠭ᠋ᠤᠶᠡᠷ ᠭ᠋ᠠᠵᠡᠭᠤ ᠳᠤᠨᠢ ᠰᠡᠨᠵᠢ ᠲᠠᠢ ᠴᠦ ᠪᠠᠶᠢᠵᠦ ᠪᠦ᠋ᠯᠳᠠᠭ᠃ ᠰᠡᠨᠵᠢᠨ ᠠᠴᠠ ᠨᠢ ᠮᠦᠩᠬᠦᠨ ᠰᠦᠯᠵᠢᠮᠡᠯ | ᠪᠦ᠋ᠶᠦ ᠤᠯᠡᠭᠠᠨ ᠳᠦ᠋ᠷᠭᠠᠨ ᠤᠳᠡᠰᠦ ᠳᠡᠪᠬᠤᠷᠯᠡᠨ ᠡᠮᠬᠡᠷᠢᠳᠴᠦ ᠪᠢᠳᠡᠬᠦᠤ ᠤᠭᠤᠰᠣᠷ ᠭᠢᠭᠡᠦᠨ ᠵᠡᠬᠦᠳᠡᠭ᠃ | ᠮᠦᠷᠦᠨ ᠤ ᠮᠦᠩᠬᠦᠨ ᠭᠤᠤ᠄ ᠡᠶᠢᠮᠦ ᠭᠤᠤ ᠢᠵᠢᠯ ᠨᠢᠭᠡᠨ ᠭ᠋ᠤᠦᠰ᠂ ᠭ᠋ᠤᠶᠡᠷ ᠮᠦᠷᠦᠨ ᠳᠡᠭᠡᠷᠡ ᠵᠡᠬᠦᠳᠡᠭ | ᠭᠡᠯᠪᠡᠷᠢ ᠨᠢ ᠤᠷᠳᠦᠪᠳᠦᠷ ᠳᠦᠷᠪᠡᠯᠵᠢᠨ᠂ ᠮᠦᠷᠳ ᠤ ᠭᠤᠤ ᠭᠢᠬᠦ ᠳᠤ ᠳᠦ᠋ᠮᠳᠡᠴᠢ ᠪᠠᠷ ᠳᠡᠪᠦᠨ ᠯᠡᠩ ᠠᠴᠠ ᠳᠡᠭᠡᠭᠰᠶ | ᠮᠦᠩᠬᠦ ᠬᠡᠷᠡᠭᠯᠡᠨᠡ᠃ ᠭᠤᠤ ᠶᠢᠨ ᠢᠷᠮᠡᠭ ᠢ ᠪᠦᠬᠦᠯᠢ ᠳᠦ᠋ᠭᠤᠷᠢᠭᠤᠯᠵᠦ ᠭᠦᠪᠡᠭᠡᠯᠡᠳᠡᠭ᠃ ᠳᠦᠷᠪᠡᠯᠵᠢᠨ ᠭᠤᠤ ᠪᠦ᠋ᠯ | ᠳᠦᠷᠪᠡᠨ ᠦᠨᠴᠦᠭ ᠪᠡ ᠭᠤᠦᠯ ᠳᠤᠨᠢ ᠪᠡᠭᠠᠪᠳᠦᠷ ᠤᠯᠡᠭᠠᠨ ᠱᠢᠷᠦ ᠰᠢᠭᠢᠳᠭᠡᠨᠡ᠃ ᠳᠦ᠋ᠦᠷᠡ ᠳᠡᠯᠡ ᠳᠤᠨᠢ ᠨᠢᠭᠡ | ᠰᠡᠨᠵᠢ ᠭᠠᠩᠨᠡᠵᠦ ᠴᠡᠭᠡᠵ᠊ ᠵᠪᠴᠢᠨ ᠳᠤ ᠤᠶᠦᠵᠦ ᠳᠦ᠋ᠭ᠌ᠳᠡᠭᠠᠨᠡ᠃ ᠮᠦᠩᠬᠦᠨ ᠭᠤᠤ ᠨᠢ ᠳᠦᠷᠪᠡᠯᠵᠢᠨ᠂ ᠳᠦᠭᠦᠷᠢᠭ | ︵ᠰᠡᠷᠡᠨ︶᠂ ᠭ᠋ᠠᠪᠢᠷᠭᠠᠡ ᠰᠡᠷᠡᠨ ᠪᠦ᠋ᠶᠦ ᠰᠡᠷᠡᠨ ᠭ᠋ᠤᠶᠡᠷ ᠢᠶᠠᠷ ᠪᠦᠳᠦᠭᠰᠨ᠋ᠡ ᠵᠡᠷᠭᠡ ᠭᠡᠳᠦᠨ ᠵᠦ᠊ ᠵᠯ ᠪᠠᠶᠢᠳᠠᠭ᠃ | ᠡᠩ ᠤᠨ ᠪᠠᠶᠢᠳᠡᠯ ᠳᠤ ᠳᠦᠷᠪᠡᠯᠵᠢᠨ ᠭᠤᠤ ᠨᠢ ᠡᠯᠪᠡᠭ ᠭᠡᠷᠡᠭᠯᠨᠳᠡᠭ ᠪᠠᠶᠢᠪᠡ᠃ | ᠠᠷᠦ ᠶᠢᠨ ᠪᠦ᠋ᠶᠦ ᠴᠡᠭᠡᠵᠢᠨ ᠤ ᠮᠦᠩᠬᠦᠨ ᠭᠤᠤ᠄ ᠡᠨᠡ ᠨᠢ ᠴᠡᠭᠡᠵᠢᠨ ᠳᠤ ᠵᠡᠬᠦᠳᠡᠭ ᠵᠡᠰᠡᠯ᠃ ᠳᠡᠷᠡ ᠨᠢ | ᠶᠡᠭᠡ᠂ ᠳᠦ᠋ᠮᠳᠡ᠂ ᠪᠠᠭᠠ ᠭᠤᠷᠪᠡᠨ ᠭ᠋ᠠᠪᠳᠡᠭᠠᠶ ᠤᠷᠳᠦ ᠳᠦᠷᠪᠡᠯᠵᠢᠨ ᠭᠡᠰᠡᠭ ᠠᠴᠠ ᠭᠤᠦᠯ ᠪᠦᠳᠦᠨᠡ᠃ ᠠᠷᠦ ᠶᠢᠨ | ᠭᠤᠤ ᠭᠢᠬᠦ ᠳᠤ ᠠᠷᠪᠡ ᠭᠠᠷᠦᠶ ᠯᠡᠩ ᠮᠦᠩᠬᠦ ᠭᠡᠷᠡᠭᠯᠨᠨᠡ᠃ | ᠳᠡᠭᠡᠳᠦ ᠳᠡᠯᠡ ᠶᠢᠨ ᠭ᠋ᠠᠪᠳᠡᠭᠠᠶ ᠳᠦᠷᠪᠡᠯᠵᠢᠨ ᠭᠤᠤ ᠨᠢ ᠳᠦ᠋ᠮᠳᠡᠴᠢ ᠪᠠᠷ 5 — 6 ᠢᠮᠡᠬᠤ ᠤᠷᠳᠦ᠂ | ᠨ᠋ᠦᠷᠭᠡᠨ ᠨᠢ 3 — 4 ᠢᠮᠡᠬᠤ᠂ ᠳᠦ᠋ᠮᠳᠡᠭᠢ ᠭᠤᠤ ᠨᠢ 4 — 5 ᠢᠮᠡᠬᠤ ᠤᠷᠳᠦ᠂ 2 — 3 ᠢᠮᠡᠬᠤ | ᠨ᠋ᠦᠷᠭᠡᠨ᠂ ᠳᠦ᠋ᠦᠷᠡᠳᠦ ᠭᠤᠤ ᠨᠢ 3 — 4 ᠢᠮᠡᠬᠤ ᠤᠷᠳᠦ᠂ 1 — 2 ᠢᠮᠡᠬᠤ ᠨ᠋ᠦᠷᠭᠡᠨ᠃ ᠭᠤᠷᠪᠡᠨ | ᠤᠷᠳᠦ ᠳᠦᠷᠪᠡᠯᠵᠢᠨ ᠭᠤᠤ ᠶᠢ ᠨᠢᠮᠭᠡᠨ ᠮᠦᠩᠬᠦᠨ ᠭ᠋ᠠᠪᠳᠡᠰᠦ ᠪᠠᠷ ᠭᠢᠬᠦ ᠪᠦᠭᠡᠳ ᠳᠦ᠋ᠦᠷᠡ ᠳᠡᠯᠡ ᠳᠤᠨᠢ | ᠳᠦ᠋ᠭᠢᠷᠡᠭ᠌ᠰᠡᠨ ᠭ᠋ᠤᠷᠦᠭᠤ ᠭᠢᠷᠢᠳᠡᠶ ᠵᠣᠵᠡᠭᠠᠨ ᠮᠣᠳᠦᠨ ᠭ᠋ᠠᠪᠳᠡᠰᠦ ᠳᠡᠭᠠᠷᠡᠭᠤᠯᠵᠦ ᠡᠮᠬᠦᠬᠦᠯᠦᠨ ᠵᠠᠭᠤᠯᠭᠠᠵᠤ | ᠭᠦᠳᠡᠷᠯᠡᠳᠡᠭ᠃ | ᠳᠡᠭᠡᠳᠦ ᠳᠡᠯᠡ ᠶᠢᠨ ᠮᠦᠩᠬᠦᠨ ᠭ᠋ᠠᠪᠳᠡᠰᠣᠨ ᠤ ᠭ᠋ᠤᠶ᠋ᠨᠷ ᠳᠡᠯᠡ ᠶᠢᠨ ᠭᠦᠪᠡᠭᠡᠨ ᠳᠤ ᠭᠤᠷᠪᠡ ᠭᠤᠷᠪᠡᠨ | ᠱᠢᠷᠦ ᠰᠢᠭᠢᠳᠭᠡᠳᠡᠭ᠃ ᠳᠡᠬᠦᠨ ᠤ ᠭ᠋ᠤᠶᠡᠷ ᠨᠢ ᠦᠨᠴᠦᠭ ᠲᠤ ᠪᠠᠶᠢᠷᠢᠯᠡᠵᠦ᠂ ᠳᠦ᠋ᠮᠳᠡᠭᠢ ᠱᠢᠷᠦ ᠨᠢ ᠭ᠋ᠤᠶᠡᠷ ᠱ᠊ | ᠵᠷᠦ ᠶᠢᠨ ᠳᠦ᠋ᠮᠳᠡ ᠨᠢ ᠭᠤᠷᠪᠡᠯᠵᠢᠨ ᠦᠨᠴᠦᠭ ᠡᠬᠦᠰᠭᠡᠨ ᠳᠦ᠋ᠳᠦᠭ᠌ᠰᠢ ᠰᠡᠭᠤᠯᠭᠠᠵᠡᠶ᠃ ᠳᠦ᠋ᠮᠳᠡ ᠳᠦ᠋ᠦᠷᠡᠳᠤ ᠳᠡᠯᠡ | ᠭ᠋ᠠᠪᠳᠡᠭᠠᠶ ᠶᠢᠨ ᠵᠠᠭ᠋ᠠ ᠳᠦ᠋ᠮᠳᠡ ᠨᠢ ᠨᠢᠭᠡ ᠨᠢᠭᠡ ᠱᠢᠷᠦ ᠶᠢ ᠵᠡᠷᠭᠡᠴᠡᠬᠦᠯᠦᠨ ᠰᠡᠭᠤᠯᠭᠠᠵᠡᠶ᠃ | ᠭᠤᠷᠪᠡᠨ ᠮᠦᠩᠬᠦᠨ ᠭ᠋ᠠᠪᠳᠡᠰᠣᠨ ᠤ ᠭᠤᠦᠯ ᠳᠦ᠋ᠮᠳᠡ ᠨᠢ ᠪᠡᠰᠡ ᠱᠢᠷᠦ ᠰᠢᠭᠢᠳᠬᠡᠭᠡ ᠲᠠᠢ᠃ ᠡᠬᠦᠨ ᠳᠤ | ᠳᠡᠭᠡᠳᠦ ᠲᠨᠯᠡ ᠶᠢᠨ ᠭ᠋ᠠᠪᠳᠡᠰᠣᠨ ᠤ ᠳᠦ᠋ᠮᠳᠡ ᠨᠢ 3 — 5 ᠵᠢᠵᠢᠪᠳᠦᠷ ᠱᠢᠷᠦ᠂ ᠳᠦ᠋ᠮᠳᠡᠭᠢ ᠭ᠋ᠠᠪᠳᠡᠰᠣᠨ | ᠳᠦ᠋ᠮᠳᠡ ᠨᠢ 2 — 3 ᠱᠢᠷᠦ᠂ ᠳᠦ᠋ᠦᠷᠡᠳᠦ ᠭ᠋ᠠᠪᠳᠡᠰᠣᠨ ᠤ ᠳᠦ᠋ᠮᠳᠡ ᠨᠢ 1 — 2 ᠱᠢᠷᠦ ᠶᠢ ᠭᠦᠨᠳᠡᠯᠡᠨ | ᠵᠡᠷᠭᠡᠴᠡᠬᠦᠯᠵᠦ ᠰᠡᠭᠤᠯᠭᠠᠪᠠ᠃ ᠨ᠋ᠦᠭᠡᠷᠡ ᠪᠠᠷ ᠭᠡᠯᠡᠪᠡᠯ ᠳᠡᠭᠡᠷᠡ ᠪᠠᠨ ᠤᠯᠡᠨ᠂ ᠳᠦ᠋ᠷᠦᠭ᠌ᠰᠢᠯᠡᠬᠤ ᠳᠦ᠋ᠳᠦᠮ ᠢᠶᠠᠨ | ᠱᠢᠷᠦ ᠨᠢ ᠴᠦᠭᠡᠭᠡᠨ ᠪᠦ᠋ᠯᠳᠠᠭ᠃ | ᠳᠡᠭᠡᠳᠦ ᠳᠡᠯᠡ ᠶᠢᠨ ᠭ᠋ᠠᠪᠳᠡᠰᠣᠨ ᠤ ᠳᠡᠭᠡᠳᠦ ᠳᠦ᠋ᠦᠷᠨᠳᠦ ᠪᠡᠶᠡ ᠳᠤ ᠳᠡᠩᠴᠡᠬᠦᠤ ᠵᠡᠶ ᠲᠠᠢ ᠪᠠᠷ ᠭ᠋ᠤᠶᠡᠷ | ᠭᠠᠷᠠᠬᠠᠨ ᠰᠡᠨᠵᠢ ᠭᠠᠩᠨᠡᠵᠡᠶ᠃ ᠳᠦ᠋ᠮᠳᠡᠭᠢ ᠭ᠋ᠠᠪᠳᠡᠰᠣᠨ ᠤ ᠭ᠋ᠤᠶᠡᠷ ᠳᠡᠯᠡ ᠳᠤᠨᠢ ᠮᠦᠨ ᠭ᠋ᠤᠶᠡᠷ ᠭ᠋ᠤᠶᠡᠷ ᠰᠨ᠋ᠡᠵᠢ | ᠭᠠᠩᠨᠡᠵᠡᠶ᠃ ᠳᠦ᠋ᠦᠷᠡᠳᠦ ᠭ᠋ᠠᠪᠳᠡᠰᠣᠨ ᠤ ᠳᠡᠭᠡᠳᠦ ᠪᠡᠶᠡ ᠳᠤᠨᠢ ᠭ᠋ᠤᠶᠡᠷ ᠰᠡᠨᠵᠢ ᠲᠠᠢ᠂ ᠳᠦ᠋ᠦᠷᠡᠳᠦ ᠪᠡᠶᠡ ᠳᠤᠨᠢ ᠨᠡ᠊ | ᠵᠮᠡᠨ ᠰᠡᠨᠵᠢ ᠲᠠᠢ᠃ ᠭᠤᠷᠪᠡᠨ ᠭ᠋ᠠᠪᠳᠡᠰᠣᠨ ᠤ ᠰᠡᠨᠵᠢ ᠨᠦᠭᠦᠳ ᠢ ᠭ᠋ᠠᠷᠢᠯᠴᠡᠨ ᠡᠮᠬᠦᠬᠦᠯᠵᠦ ᠵᠠᠭᠤᠯᠭᠠᠳᠠᠭ | ᠤᠴᠢᠷ ᠠᠴᠠ ᠴᠦᠮ ᠬᠡᠯᠬᠢᠭᠳᠡᠬᠦ ᠶᠢᠨ ᠭ᠋ᠠᠮᠳᠦ ᠭ᠋ᠤᠭᠤᠷᠦᠨᠳᠦ ᠪᠠᠨ ᠭᠦᠳᠡᠯᠦᠩᠬᠦᠶ ᠪᠦᠭᠡᠳ ᠭ᠋ᠤᠯᠪᠦᠭᠠ ᠲᠠᠢ ᠪᠦ᠋ᠯᠳᠠᠭ᠃ | | ᠳᠦ᠋ᠦᠷᠡᠳᠦ ᠳᠡᠯᠡ ᠶᠢᠨ ᠨᠡ᠊ ᠵᠮᠡᠨ ᠰᠡᠨᠵᠢ ᠶᠢ ᠭ᠋ᠤᠶ᠋ᠨᠷ ᠭ᠋ᠤᠶᠡᠷ ᠢᠶᠠᠷ ᠨᠢ ᠭ᠋ᠤᠯᠪᠦᠵᠦ ᠳᠦ᠋ᠰ ᠳᠦ᠋ᠰ ᠲᠤᠨᠢ | ᠤᠯᠡᠭᠠᠨ ᠳᠦ᠋ᠷᠭᠠᠨ ᠤᠳᠡᠰᠦ ᠶᠢ ᠪᠡᠷᠢᠮᠡ ᠭᠢᠷᠢᠳᠡᠶ ᠤᠷᠳᠦ ᠪᠠᠷ ᠭᠦᠷᠦᠵᠦ᠂ ᠳᠦ᠋ᠦᠷᠡᠳᠦ ᠨ᠋ᠦᠵᠦᠬᠦᠷ ᠢ ᠴᠡᠴᠦᠭ᠌ᠯᠡᠨ | ᠤᠨᠵᠢᠭᠤᠯᠵᠡᠶ᠃ ᠳᠡᠭᠡᠳᠦ ᠳᠡᠯᠡ ᠶᠢᠨ ᠳᠦᠷᠪᠡᠯᠵᠢᠨ ᠳᠠᠬᠢ ᠭ᠋ᠤᠶᠡᠷ ᠰᠡᠨᠵᠢᠨ ᠠᠴᠠ ᠤᠯᠡᠭᠠᠨ ᠳᠦ᠋ᠷᠭᠠᠨ ᠤᠳᠡᠰᠦ ᠶᠢ | ᠤᠷᠳᠦ ᠭᠦᠷᠦᠵᠦ ᠪᠢᠳᠡᠬᠦᠤ ᠤᠭᠤᠰᠣᠷ ᠭᠢᠵᠦ ᠳᠡᠭᠡᠭᠰᠶ ᠨᠢ ᠳᠡᠳᠡᠵᠦ ᠴᠡᠭᠡᠵᠢᠪᠴᠢᠨ ᠤ ᠵᠠᠭ᠋ᠠ ᠳᠤ ᠭ᠋ᠠᠳᠠᠭᠠ ᠲᠠᠢ | ᠪᠠᠶᠢᠬᠤ ᠴᠡᠴᠡᠭ ᠤᠨ ᠭ᠋ᠤᠸᠡᠷ ᠠᠴᠠ ᠳᠦ᠋ᠭ᠌ᠳᠡᠭᠠᠳᠠᠭ᠃ | ᠮᠦᠩᠬᠦᠨ ᠭᠤᠦᠷᠴᠠᠭ | ᠮᠦᠩᠬᠦᠨ ᠭᠤᠦᠷᠴᠠᠭ ︵ᠰᠡᠭᠢᠭᠤᠰᠦ ᠶᠢᠨ ᠭᠤᠤᠷᠴᠠᠭ︶᠄ ᠮᠦᠩᠬᠦᠨ ᠭᠤᠦᠷᠴᠠᠭ ᠪᠦ᠋ᠯ ᠨ᠋ᠦᠨᠡᠨ ᠳᠡᠭᠡᠨ | ᠪᠦ᠋ᠷᠬᠠᠨ᠂ ᠮᠡᠨᠢ ᠶᠢᠨ ᠤ᠊ ᠵᠰᠦᠭ᠂ ᠵᠡᠶ ︵ᠭᠢᠵᠢᠭ ᠢ ᠰᠡᠷᠭᠡᠶᠢᠯᠡᠬᠦ ᠨ᠋ᠦ᠊ ᠵᠯᠡᠳᠦᠯ ᠪᠦᠬᠦᠢ ᠡᠯᠡ ᠵᠦ᠊ ᠵᠯ ᠤᠨ ᠡᠮ︶ | ᠵᠡᠷᠭᠡ ᠠᠴᠠ ᠠᠯᠢ ᠨᠢᠭᠡ ᠶᠢ ᠰᠤᠩᠭᠤᠨ ᠳᠦ᠋ᠳᠦᠷᠡ ᠨᠢ ᠭᠢᠵᠦ ᠭᠦᠵᠦᠬᠦᠨ ᠠᠴᠠ ᠵᠡᠭᠦᠳᠡᠭ ᠡᠳ᠋ᠯᠡᠯ ᠶᠦ᠋ᠮ᠃ ᠳᠡᠭᠡᠬᠦᠯᠡᠷ | ᠡᠨᠡ ᠨᠢ ᠰᠢᠳᠦᠭᠡᠨ ᠤ ᠵᠦ᠊ ᠵᠯ ᠪᠦ᠋ᠯᠬᠤ ᠪᠠᠷ ᠪᠡᠷᠡᠬᠤ ᠨ᠋ᠦᠭᠡᠶ ᠡᠩᠭᠡᠷ ᠲᠤ ᠵᠡᠭᠦᠳᠡᠭ ᠵᠡᠰᠡᠯ ᠴᠢᠮᠡᠭᠯᠨᠯ ᠤᠨ ᠨᠢᠭᠡ ᠪᠤᠯᠬᠤ | ᠶᠦ᠋ᠮ᠃ | ᠨᠢᠭᠡ ᠭᠤᠦᠷᠴᠠᠭ ᠭᠢᠬᠦ ᠳᠤ ᠳᠡᠪᠦᠨ ᠯᠡᠩ ᠤᠷᠴᠢᠮ ᠮᠦᠩᠬᠦ ᠬᠡᠷᠡᠭᠯᠡᠨᠡ᠃ ᠭᠤᠦᠷᠴᠠᠭ ᠨᠢ ᠳᠦᠭᠦᠷᠢᠭ᠂ | ᠳᠦᠷᠪᠡᠯᠵᠢᠨ᠂ ᠨᠡ᠊ ᠵᠮᠡᠨ ᠦᠨᠴᠦᠭ ᠲᠠᠢ ᠵᠡᠷᠭᠡ ᠤᠯᠡᠨ ᠭᠡᠯᠪᠡᠷᠢᠳᠡᠶ ᠪᠢᠴᠢᠬᠠᠨ ᠮᠦᠩᠬᠦᠨ ᠯᠡᠵᠡ᠃ ᠳᠡᠬᠦᠨ ᠤ | ᠡᠩᠭᠡᠷ ᠤᠨ ᠭᠤᠤ ᠠᠴᠠ ᠭᠤᠦᠯ ᠢᠯᠭᠠᠭᠳᠡᠬᠤ ᠭᠠᠵᠡᠷ ᠨᠢ ᠪᠦ᠋ᠯ ᠨᠢᠭᠤᠷ ᠳᠡᠯᠡ ᠳᠤᠨᠢ ᠳᠦᠪᠡᠳ ᠨ᠋ᠦᠰᠦᠭ ᠤᠨ ︽ | ᠤᠸ᠋ᠮ︾ ᠭᠡᠮᠡᠬᠦ ᠨ᠋ᠦᠭᠡ ᠶᠢ ᠰᠡᠶᠢᠯᠪᠦᠷᠢᠯᠡᠨ ᠴᠦ᠋ᠭᠢᠳᠠᠭ ᠲᠤ ᠪᠠᠶᠢᠨᠡ᠃ ︽ᠤᠸ᠋ᠮ︾ ᠨ᠋ᠦᠰᠦᠭ ᠤᠨ ᠭᠠᠳᠡᠷ | ᠳᠡᠯᠡ ᠪᠠᠷ ᠨᠢ ᠭᠤᠶᠦ ᠭᠡ ᠤᠭᠠᠯᠵᠡ ᠪᠠᠷ ᠴᠢᠮᠡᠭᠯᠨ᠋ᠡ ᠭᠦᠪᠡᠭᠡᠯᠨᠳᠡᠭ᠃ ᠠᠷᠦ ᠳᠡᠯᠡ ᠨᠢ ᠭᠢᠯᠦᠭᠡᠷ᠃ ᠨᠢᠭᠤᠷ ᠪᠡ | ᠠᠷᠦ ᠬᠤᠶᠠᠷ ᠭᠡᠰᠡᠭ ᠪᠠᠶᠢᠵᠦ᠂ ᠨᠡᠭᠡᠭᠡᠵᠦ ᠭ᠋ᠠᠭᠠᠵᠦ ᠪᠦ᠋ᠯᠳᠠᠭ᠃ ᠭ᠋ᠤᠭᠤᠷᠦᠨᠳᠦ ᠨᠢ ᠪᠢᠴᠢᠬᠠᠨ ᠡᠭᠡᠷᠴᠦᠭ ᠢᠶᠠᠷ | ᠭ᠋ᠤᠯᠪᠦᠳᠠᠭ᠃ ᠳᠡᠬᠦᠨ ᠤ ᠳᠡᠭᠡᠳᠦ ᠳᠡᠯᠡ ᠳᠤᠨᠢ ᠭ᠋ᠤᠦᠰ ᠮᠦᠩᠬᠦᠨ ᠰᠡᠨᠵᠢ ᠭᠠᠩᠨᠡᠵᠡᠶ᠃ ᠡᠨᠡ ᠰᠡᠨᠵᠢᠨ ᠠᠴᠠ | ᠮᠦᠩᠬᠦᠨ ᠰᠦᠯᠵᠢᠮᠡᠷ ᠪᠦ᠋ᠶᠦ ᠤᠯᠡᠭᠠᠨ ᠳᠦ᠋ᠷᠭᠠᠡ ᠤᠳᠡᠰᠦ ᠵᠡᠷᠭᠡ ᠶᠢ ᠡᠮᠬᠡᠷᠢᠳᠴᠦ ᠭᠦᠳᠡᠷᠯᠡᠭᠡᠳ ᠵᠡᠬᠦᠳᠡᠭ᠃ | ᠵᠡᠷᠢᠮ ᠭᠤᠦᠷᠴᠤᠭ ᠨᠢ ᠭ᠋ᠤᠶᠡᠷ ᠭ᠋ᠠᠵᠡᠭᠤ ᠳᠠᠭᠠᠨ ᠰᠡᠨᠵᠢ ᠲᠠᠢ ᠴᠦ ᠪᠠᠶᠢᠳᠠᠭ᠃ ᠭᠡᠷᠪᠡ ᠡᠶᠢᠮᠦ | ᠪᠠᠶᠢᠬᠤ ᠳᠤ ᠭᠦᠷᠪᠡᠯ ᠭᠤᠦᠷᠴᠠᠭ ᠨᠢᠭᠡ ᠳᠡᠯᠡ ᠳᠠᠭᠠᠨ ᠡᠭᠡᠷᠴᠦᠭ ᠲᠠᠢ᠂ ᠨᠦᠬᠦᠭᠡ ᠳᠡᠯᠡ ᠳᠠᠭᠠᠨ ᠳᠡᠭᠢᠷ ᠭᠤᠭ᠋ᠠ ᠪᠡ | ᠰᠡᠨᠵᠢ ᠪᠠᠷ ᠳᠦ᠋ᠭ᠌ᠳᠡᠭᠠᠳᠠᠭ᠃ | ᠭᠤᠦᠷᠴᠠᠭ ᠢ ᠭᠡᠦᠭᠡᠨ ᠭᠦᠮᠦᠨ ᠵᠡᠬᠦᠬᠦ ᠨᠢ ᠤᠯᠡᠨᠳᠡᠶ ᠪᠦ᠋ᠯᠪᠡᠴᠦ ᠠᠪᠡᠭᠠᠶᠢᠴᠦᠦᠯ ᠴᠦ ᠵᠡᠬᠦᠳᠡᠭ᠃ | ᠭᠡᠬᠦ ᠳᠡᠭᠡᠨ ᠠᠪᠡᠭᠠᠶᠢᠴᠦᠦᠯ ᠠᠴᠠ ᠭᠦᠮᠦᠨ ᠤ ᠭᠠᠭᠴᠡ ᠡᠩᠬᠦᠷᠡᠶ ᠨ᠋ᠦᠭᠢᠨ᠂ ᠨ᠋ᠦᠷᠡ ᠭᠡᠦᠭᠡᠳ ᠳᠦ᠋ᠭ᠌ᠳᠡᠬᠤ ᠮᠡᠭᠤᠳᠡᠶ | ᠠᠶᠢᠯ ᠤᠨ ᠡᠭᠡᠨᠡᠷ᠂ ᠭᠦᠨᠳᠦ ᠡᠪᠡᠳᠴᠢᠨ ᠭᠦᠷᠦᠭᠰᠨ᠋ᠡ ᠡᠭᠡᠨᠡᠷ ᠵᠡᠷᠭᠡ ᠭᠦᠮᠦᠰ ᠯᠡᠮᠡ ᠶᠢᠨ ᠠᠪᠦᠷᠡᠯ ᠵ᠊ ᠵᠭᠠᠪᠦᠷᠢ ᠪᠠᠷ | ᠵᠡᠬᠦᠵᠦ ᠶᠡᠪᠦᠬᠤ ᠨᠢ ᠠᠷᠪᠢᠨ ᠪᠠᠶᠢᠯᠡ ᠭᠡᠵᠦ ᠨᠡᠰᠣᠳᠡᠶᠢᠴᠦᠦᠯ ᠭ᠋ᠠᠭᠤᠴᠢᠯᠡᠬᠤ ᠶᠦ᠋ᠮ᠃ ᠲᠡᠷᠡ ᠶᠢᠨ ᠲᠠᠪᠣᠨ ᠴᠡᠴᠡᠭ | ︵ᠳᠠᠷᠤᠭᠤᠯᠭᠠ︶ | ᠲᠡᠷᠡ ᠶᠢᠨ ᠲᠠᠪᠣᠨ ᠴᠡᠴᠡᠭ ︵ᠳᠠᠷᠤᠭᠤᠯᠭᠠ︶ ᠪᠣᠯ ᠣᠷᠤᠭ ᠬᠤᠯᠪᠣᠭᠰᠠᠨ ᠡᠷᠡ ᠡᠮᠡ ᠬᠤᠶᠠᠷ ᠤᠨ | ᠬᠠᠮᠳᠣ ᠳᠠᠭᠠᠨ ᠬᠡᠷᠡᠭᠯᠡᠳᠡᠭ ᠨᠢᠭᠡ ᠪᠦᠬᠦᠯᠢ ᠲᠡᠷᠡ ᠪᠣᠯᠣᠨᠠ᠃ ᠲᠡᠭᠦᠨ ᠤ ᠬᠠᠳᠠᠬᠤ ᠰᠠᠭᠤᠷᠢ ᠶᠢ ᠪᠦᠬᠦᠯᠢ ᠪᠦᠬᠦᠯᠢ | ᠲᠠᠪᠣᠨ ᠦᠩᠭᠡ ᠶᠢᠨ ᠣᠳᠠᠰᠣ ᠪᠠᠷ ᠬᠠᠳᠠᠭᠰᠠᠨ ᠰᠠᠭᠤᠷᠢᠨ ᠲᠡᠭᠡᠷᠡ ᠨᠢ ᠲᠠᠪᠣᠨ ᠦᠩᠭᠡᠳᠣ ᠴᠡᠴᠡᠭ ᠢ ᠲᠦᠷᠪᠡᠨ | ᠲᠠᠯᠠ ᠳᠤᠨᠢ ᠨᠢᠭᠡ ᠨᠢᠭᠡ ᠬᠠᠳᠠᠬᠤ ᠪᠦᠭᠡᠳ ᠭᠤᠣᠯ ᠳᠤᠨᠢ ᠨᠢᠭᠡ ᠰᠠᠭᠤᠷᠢ ᠶᠢ ᠨᠢ ᠬᠠᠳᠠᠳᠠᠭ ᠶᠣᠰᠣᠳᠠᠢ᠃ | ᠲᠡᠷᠡ ᠶᠢᠨ ᠠᠷᠣ ᠪᠡᠶᠡ ᠳᠤ ᠮᠣᠳᠣᠨ ᠬᠠᠪᠴᠢᠭᠤᠷ ᠢᠶᠠᠷ ᠲᠠᠭᠠᠷᠠᠭᠤᠯᠵᠣ ᠲᠣᠰ ᠪᠡᠶᠡ ᠶᠢ ᠪᠠᠳᠣ ᠴᠢᠩᠭᠠ ᠪᠣᠯᠭᠠᠳᠠᠭ᠃ | ᠲᠡᠷᠡ ᠶᠢᠨ ᠪᠣᠰᠣᠳ ᠪᠡᠶᠡ ᠶᠢ ᠬᠠᠷᠠ ᠪᠠᠷᠠᠭᠠᠨ ᠡᠳ᠋ ᠢᠶᠠᠷ ᠬᠢᠵᠦ᠂ ᠲᠡᠭᠦᠨ ᠤ ᠭᠤᠣᠯ ᠳᠤᠨᠢ ᠬᠤᠶᠠᠷ ᠢᠵᠢᠯ | ᠬᠤᠸᠡᠷ ᠬᠠᠳᠬᠤᠵᠣ ᠲᠠᠯᠪᠢᠳᠠᠭ ᠣᠴᠢᠷ ᠲᠠᠢ᠃ ᠡᠷᠡ ᠡᠮᠡ ᠬᠤᠶᠠᠷ ᠤᠨ ᠨᠢᠭᠡ ᠨᠢ ᠣᠷᠢᠳᠠ ᠪᠠᠷ ᠨᠠᠰᠣ ᠪᠠᠷᠠᠪᠠᠯ | ᠲᠣᠰ ᠲᠡᠷᠡ ᠶᠢ ᠭᠠᠯᠳᠠᠨ ᠰᠢᠳᠠᠭᠠᠳᠠᠭ᠃ ᠲᠡᠷᠡ ᠶᠢᠨ ᠲᠣᠳᠣᠷᠠ ᠡᠷᠡ ᠡᠮᠡ ᠬᠤᠶᠠᠷ ᠤᠨ ᠬᠠᠮᠳᠣ ᠳᠠᠭᠠᠨ | ᠬᠡᠷᠡᠭᠯᠡᠳᠡᠭ ᠵᠦᠢᠯ ᠤᠳ ᠢ ᠬᠠᠳᠠᠭᠠᠯᠠᠵᠣ ᠪᠠᠶᠢᠳᠠᠭ ᠶᠣᠮ᠃ | | | |