ᠲᠡᠯᠡᠬᠡᠢ ᠶᠢ ᠴᠡᠴᠡᠷᠡᠭᠦᠯᠦᠭᠰᠡᠨ ᠮᠣᠩᠭᠤᠯ ᠵᠠᠩᠵᠤᠳ
ᠨᠡᠶᠢᠲᠡᠯᠡᠭᠰᠡᠨ ᠴᠠᠭ᠄
2022/11/21
     ᠮᠠᠨ ᠤ ᠬᠢᠨ ᠣᠷᠣᠰ ᠤᠨ ᠴᠡᠷᠢᠭ ᠤᠨ ᠵᠠᠩᠵᠤᠳ ᠤᠨ ᠦᠢᠯᠡ ᠠᠵᠢᠯᠯᠠᠭ᠎ᠠ ᠠᠵᠢᠯ ᠠᠮᠢᠳᠤᠷᠠᠯ ᠭᠠᠪᠢᠶ᠎ᠠ ᠵᠢᠳᠭᠦᠯ ᠢ ᠨᠢᠭᠡᠨ ᠦᠶ᠎ᠡ ᠠᠷᠪᠠᠨ ᠬᠤᠷᠤᠭᠤ ᠪᠠᠨ ᠰᠢᠭ᠋ ᠮᠡᠳᠡᠳᠡᠭ ᠪᠠᠶᠢᠯ᠎ᠠ᠃ ᠭᠡᠪᠡᠴᠤ ᠲᠡᠯᠡᠬᠡᠢ ᠳ᠋ᠠᠬᠢᠨ ᠳᠤ ᠭᠠᠶᠢᠬᠠᠭᠳᠠᠭᠰᠠᠨ ᠮᠣᠩᠭᠤᠯ ᠵᠠᠩᠵᠤᠳ ᠤᠨ ᠲᠤᠬᠠᠢ ᠠ ᠦᠭᠡᠢ ᠶᠠᠪᠤᠭᠰᠠᠭᠠᠷ ᠦᠨᠦ ᠳᠤ ᠬᠦᠷᠴᠤ ᠪᠠᠶᠢᠨ᠎ᠠ᠃ ᠲᠡᠯᠡᠬᠡᠢ ᠶᠢᠨ ᠨᠡᠷᠡᠳᠤ ᠤᠯᠤᠰ ᠲᠦᠷᠦᠴᠢ ᠡᠨᠡᠳᠬᠡᠭ ᠤᠨ ᠵ᠊᠂ ᠨᠧᠷᠦ ︽ᠮᠠᠺᠧᠳᠣᠨᠢ ᠵᠢᠨ‌ᠠᠯᠧᠺᠰᠠᠨᠳ᠋ᠷ ᠸᠠᠩ᠂ ᠶᠦᠯᠢ ᠽᠧᠷᠵᠠᠷᠢ ᠨᠠᠷ ᠴᠢᠩᠬᠢᠰ ᠤᠨ ᠴᠡᠷᠢᠭ ᠤᠨ ᠵᠠᠩᠵᠤᠳ ᠤᠨ ᠬᠠᠵᠠᠤ ᠳᠤ ᠶᠠᠭᠤ ᠴᠤ ᠪᠢᠰᠢ ᠪᠠᠶᠢᠭᠰᠠᠨ︾ ᠭᠡᠵᠤ ᠰᠢᠳᠤᠷᠭᠤ ᠦᠨᠡᠯᠡᠵᠤ ᠪᠠᠶᠢᠵᠠᠢ᠃            ᠦᠨᠡᠨ ᠳᠡᠭᠡᠨ ᠾᠦᠩᠨᠦ ᠶᠢᠨ ᠶᠡᠭᠡ ᠬᠠᠭᠠᠨ ᠠᠲ᠋ᠢᠯᠠ ᠠᠴᠠ ᠠᠪᠤᠭᠠᠳ ᠬᠠᠮᠤᠭ ᠮᠣᠩᠭᠤᠯ ᠤᠨ ᠬᠠᠪᠤᠯ ᠬᠠᠭᠠᠨ᠂ ᠴᠢᠩᠭᠢᠰ ᠬᠠᠭᠠᠨ᠂ ᠲᠡᠭᠦᠨ ᠤ ᠠᠯᠳᠠᠷᠳᠤ ᠵᠠᠩᠵᠤᠨ ᠮᠣᠬᠤᠯᠠᠢ᠂ ᠪᠤᠭᠤᠷᠴᠢ᠂ ᠵᠦᠴᠢ᠂ ᠬᠠᠰᠠᠷ᠂ ᠴᠠᠭᠠᠳᠠᠢ᠂ ᠦᠭᠡᠳᠡᠢ᠂ ᠲᠤᠯᠤᠢ᠂ ᠵᠡᠪᠡ᠂ ᠵᠡᠯᠮ᠎ᠠ᠂ ᠰᠦᠪᠡᠭᠡᠳᠡᠢ᠂ ᠬᠤᠪᠢᠯᠠᠢ᠂ ᠤᠷᠢᠶᠠᠩᠬᠠᠳᠠᠢ᠂ ᠪᠠᠳᠤ᠂ ᠮᠠᠨᠵᠤ ᠶᠢᠨ ᠡᠰᠡᠷᠭᠦ ᠲᠡᠮᠡᠴᠡᠭᠰᠡᠨ ᠯᠢᠭᠳᠡᠨ ᠬᠠᠭᠠᠨ᠂ ᠲᠡᠭᠦᠨ ᠤ ᠬᠤᠶᠢᠴᠢᠰ ᠦᠯᠵᠡᠶᠢᠳᠡᠮᠤᠷ ᠨᠠᠷ ᠤᠨ ᠲᠤᠬᠠᠢ ᠪᠢᠳᠡ ᠰᠠᠶᠢᠳᠤᠷ ᠮᠡᠳᠡᠬᠦ ᠪᠢᠯᠢᠦ︖          ᠲᠡᠭᠦᠨᠴᠢᠯᠡᠨ ᠲᠡᠯᠡᠬᠡᠢ ᠶᠢᠨ ᠳ᠋ᠠᠢ ᠳᠤ ᠮᠣᠩᠭᠤᠯ ᠮᠣᠷᠢᠨ ᠤ ᠲᠤᠭᠤᠷᠠᠢ ᠶᠢᠨ ᠮᠦᠷ ᠢ ᠭᠠᠷᠭᠠᠨ ᠣᠯᠠᠨ ᠤᠯᠤᠰ ᠣᠷᠣᠨ ᠢ ᠡᠷᠬᠡᠰᠢᠶᠡᠨ ᠶᠡᠭᠡ ᠮᠣᠩᠭᠤᠯ ᠤᠯᠤᠰ ᠢᠶᠠᠨ ᠲᠡᠯᠡᠭᠰᠡᠨ ᠶᠡᠭᠡ ᠵᠠᠩᠵᠤᠳ ᠪᠤᠶᠤ ᠴᠧᠾ᠂ ᠠᠷᠠᠪ᠂ ᠰᠣᠯᠣᠩᠭᠤᠰ᠂ ᠢᠷᠠᠺ᠂ ᠰᠢᠷᠢ ᠳᠤ ᠬᠦᠷᠦᠭᠰᠡᠨ ᠪᠠᠶᠢᠳᠠᠷ᠂ ᠡᠯᠵᠢᠭᠡᠳᠠᠢ᠂ ᠵᠠᠯᠠᠶᠢᠷᠳᠠᠢ᠂ ᠬᠦᠯᠦᠭ ᠨᠠᠷ ᠤᠨ ᠲᠠᠯ᠎ᠠ ᠪᠠᠷ ᠲᠤᠭᠤᠯᠤᠭᠰᠠᠨ ᠤᠤ︖ ᠪᠠᠰᠠ ᠠᠵᠤ᠂ ᠪᠠᠶᠠᠨ᠂ ᠬᠦᠯᠭᠡᠨ᠂ ᠬᠠᠳᠠᠭᠠᠨ ᠵᠡᠷᠭᠡ ᠶᠢᠨ ᠵᠠᠩᠵᠤᠳ ᠪᠠᠶᠢᠭᠰᠠᠨ ᠢ ᠰᠣᠨᠣᠰᠣᠭᠰᠠᠨ ᠤᠤ︖ ᠠᠷᠪᠠᠨ ᠲᠣᠯᠣᠭᠠᠬᠠᠨ ᠨᠠᠰᠤᠨ ᠳᠠᠭᠠᠨ 20000 ᠴᠡᠷᠢᠭ ᠺᠣᠮᠠᠨᠳᠠᠯᠠᠨ ᠲᠠᠶᠢᠰᠤᠨ ᠢᠶᠠᠨ ᠲᠠᠷᠤᠵᠤ ᠶᠠᠪᠤᠭᠰᠠᠨ ᠣᠶᠢᠷᠠᠳ ᠤᠨ ᠭᠠᠯᠳᠠᠮᠪᠠ ᠪᠠᠭᠠᠳᠤᠷ᠂ ᠬᠠᠯᠳᠠᠷ᠎ᠠ ᠢᠷᠡᠭᠰᠡᠨ ᠮᠢᠩ ᠤᠯᠤᠰ ᠤᠨ ᠢᠩᠽᠦᠩ ᠬᠠᠭᠠᠨ ᠢ ᠪᠠᠷᠢᠵᠤ ᠲᠠᠪᠤᠨ ᠵᠢᠯ ᠠᠷᠭᠠᠯ ᠲᠡᠭᠦᠯᠭᠡᠭᠰᠡᠨ ᠡᠰᠡᠨ ᠲᠠᠶᠢᠰᠢ ᠭᠡᠬᠦ ᠮᠡᠳᠤ᠃ 1218 ᠣᠨ ᠳᠤ 20000 ᠴᠡᠷᠢᠭ ᠤᠳᠤᠷᠢᠳᠤᠨ ᠬᠠᠷ᠎ᠠ ᠺᠢᠳᠠᠨ ᠢ ᠲᠠᠶᠢᠯᠠᠷ᠎ᠠ ᠮᠣᠷᠳᠠᠭᠰᠠᠨ ᠵᠡᠪᠡ ᠵᠠᠩᠵᠤᠨ 25 ᠨᠠᠰᠤ ᠲᠠᠢ ᠪᠠᠶᠢᠵᠠᠢ᠃ ᠲᠡᠷᠡ ᠦᠶ᠎ᠡ ᠶᠢᠨ ᠲᠣᠮᠤᠭ ᠮᠡᠳᠤ ᠮᠣᠩᠭᠤᠯ ᠵᠠᠩᠵᠤᠳ 13 ᠲᠠᠢ ᠬᠡᠦᠬᠡᠳ ᠠᠬᠤᠢ ᠠᠴᠠ ᠪᠠᠨ ᠴᠡᠷᠢᠭ ᠲᠤ ᠮᠣᠷᠳᠠᠨ ᠬᠡᠷᠰᠡᠦᠵᠢᠵᠤ ᠵᠣᠷᠢᠭᠵᠢᠨ᠂ 20 - 25 ᠨᠠᠰᠤ ᠲᠠᠢ ᠳᠠᠭᠠᠨ ᠪᠡᠶ᠎ᠡ ᠲᠠᠭᠠᠭᠠᠨ ᠶᠡᠭᠡ ᠴᠡᠷᠢᠭ ᠵᠠᠬᠢᠷᠴᠤ ᠪᠤᠰᠤᠳ ᠤᠯᠤᠰ ᠭᠦᠷᠦᠨ᠂ ᠲᠢᠪ ᠲᠡᠯᠡᠬᠡᠢ ᠶᠢ ᠲᠠᠶᠢᠯᠠᠷ᠎ᠠ ᠮᠣᠷᠳᠠᠵᠤ ᠶᠠᠪᠤᠭᠰᠠᠨ ᠨᠢ ᠭᠠᠶᠢᠬᠠᠯᠲᠠᠢ᠃ ᠡᠶᠢᠮᠤ ᠠᠴᠠ ᠡᠵᠡᠨ ᠴᠢᠩᠭᠢᠰ ︽ᠮᠢᠩᠭᠠᠨ ᠴᠡᠷᠢᠭ ᠢ ᠣᠯᠬᠤᠢ ᠳᠤᠷ ᠬᠢᠯᠪᠠᠷ᠂ ᠨᠢᠭᠡᠨ ᠵᠠᠩᠵᠤᠨ ᠢ ᠣᠯᠬᠤᠢ ᠳᠤᠷ ᠪᠡᠷᠬᠡ︾ ᠬᠡᠮᠡᠨ ᠰᠤᠷᠭᠠᠭᠰᠠᠨ ᠪᠣᠢ ᠡ᠃          ᠠᠲ᠋ᠢᠯᠠ ᠬᠠᠭᠠᠨ — ᠪᠠᠷᠠᠭᠤᠨ ᠡᠸᠦ᠋ᠷᠦᠫᠡ ᠲᠤ ᠨᠡᠭᠦᠵᠤ ᠣᠴᠢᠭᠰᠠᠨ ᠮᠣᠩᠭᠤᠯᠴᠤᠳ ᠤᠨ ᠡᠪᠦᠭᠡ ᠪᠣᠯᠬᠤ ᠾᠦᠩᠨᠤ ᠭᠦᠷᠦᠨ ᠤ ᠶᠡᠭᠡ ᠬᠠᠭᠠᠨ᠃ ᠲᠡᠭᠦᠨ ᠤ ᠦᠶ᠎ᠡ ᠳᠤ ᠾᠦᠩᠨᠤ ᠨᠠᠷ ᠬᠦᠴᠦᠷᠭᠡᠭ ᠪᠣᠯᠵᠤ᠂ ᠳ᠋ᠣᠨ᠂ ᠳ᠋ᠧᠨᠧᠫᠷ ᠠᠴᠠ ᠳᠤᠨᠢ ᠮᠦᠷᠡᠨ ᠬᠦᠷᠲᠡᠯ᠎ᠡ ᠠᠭᠤᠳᠠᠮ ᠭᠠᠵᠠᠷ ᠨᠤᠲᠤᠭ ᠢ ᠡᠵᠡᠯᠡᠵᠤ᠂ ᠵᠡᠭᠦᠨ ᠷᠣᠮ ᠤᠨ ᠡᠵᠡᠨᠳᠤ ᠤᠯᠤᠰ ᠠᠴᠠ ᠠᠯᠪᠠ ᠠᠪᠴᠤ ᠪᠠᠶᠢᠵᠠᠢ᠃ ᠲᠡᠷᠡ ᠪᠣᠯᠪᠠᠰᠤ ᠡᠸᠦ᠋ᠷᠦᠫᠡ  ᠤᠨ ᠠᠷᠠᠳ ᠲᠦᠮᠡᠨ ᠢ ᠾᠦᠩᠨᠤ ᠨᠠᠷ ᠤᠨ ᠮᠠᠩᠯᠠᠶᠢᠯᠠᠯ ᠲᠣᠣᠷ᠎ᠠ ᠨᠢᠭᠡᠳᠭᠡᠭᠰᠡᠨ ᠠᠤᠭ᠎ᠠ ᠶᠡᠭᠡ ᠮᠣᠩᠭᠤᠯ ᠬᠠᠭᠠᠳ ᠤᠨ ᠨᠢᠭᠡ ᠶᠤᠮ᠃      ᠪᠠᠶᠢᠳᠠᠷ — ᠴᠢᠩᠭᠢᠰ ᠬᠠᠭᠠᠨ ᠤ ᠬᠦᠤ ᠴᠠᠭᠠᠳᠠᠢ ᠶᠢᠨ ᠭᠤᠷᠪᠠᠳᠠᠬᠢ ᠬᠦᠤ᠃ 1235 ᠣᠨ ᠳᠤ ᠤᠤᠭᠠᠨ ᠠᠬ᠎ᠠ ᠪᠦᠷᠦᠢ ᠲᠡᠶᠢᠬᠡᠨ ᠦᠭᠡᠳᠠᠢ ᠬᠠᠭᠠᠨ ᠤ ᠤᠳᠤᠷᠢᠳᠤᠭᠰᠠᠨ ︽ᠤᠤᠭᠠᠨ ᠬᠦᠪᠡᠭᠦᠳ ᠤᠨ ᠠᠶᠠᠨ ᠲᠠᠶᠢᠨ︾ ᠳᠤ ᠮᠣᠷᠳᠠᠵᠠᠢ᠃ ᠲᠦᠪ ᠠᠽᠢᠶ᠎ᠠ ᠶᠢᠨ ᠴᠠᠭᠠᠳᠠᠢ ᠶᠢᠨ ᠬᠠᠭᠠᠨᠳᠤ ᠤᠯᠤᠰ ᠤᠨ ᠴᠡᠷᠢᠭ ᠢ ᠵᠠᠬᠢᠷᠴᠤ᠂ ᠪᠣᠯᠭᠠᠷ ᠬᠢᠪᠴᠠᠭ ᠤᠯᠤᠰ ᠢ ᠡᠵᠡᠯᠡᠪᠡ᠃ ᠮᠦᠨ ᠪᠠᠳᠤ ᠲᠠᠢ ᠬᠠᠮᠳᠤᠷᠠᠨ ᠣᠷᠣᠰ ᠤᠨ ᠵᠡᠭᠦᠨ ᠬᠤᠶᠢᠳᠤ ᠲᠠᠯ᠎ᠠ᠂ ᠡᠮᠦᠨᠡᠳᠤ ᠬᠡᠰᠡᠭ ᠢ ᠡᠵᠡᠯᠡᠪᠡ᠃ ᠲᠠᠶᠢᠨ ᠲᠤᠯᠤᠭᠠᠨ ᠳᠤ ᠡᠷᠡᠯᠬᠡᠭ ᠪᠠᠭᠠᠳᠤᠷ᠂ ᠠᠷᠭ᠎ᠠ ᠪᠣᠳᠣᠯᠭ᠎ᠠ ᠶᠡᠬᠡᠳᠡᠢ ᠭᠠᠷᠮᠠᠭᠠᠢ ᠵᠠᠩᠵᠤᠨ ᠪᠠᠶᠢᠵᠠᠢ᠃            ᠪᠠᠯᠠᠭ᠎ᠠ ︵балаа︶ — ᠴᠢᠩᠭᠢᠰ ᠤᠨ ᠲᠣᠷᠭᠠᠨ ᠴᠡᠷᠢᠭ ᠤᠨ ᠮᠢᠩᠭᠠᠨ ᠤ ᠨᠣᠶᠠᠨ᠂ ᠠᠷᠬᠠᠢ ᠬᠠᠰᠠᠷ ᠤᠨ ᠲᠡᠭᠦᠤ᠂ 95 ᠮᠢᠩᠭᠠᠨ ᠤ ᠨᠣᠶᠠᠨ ᠤ ᠨᠢᠭᠡ᠂ ᠴᠡᠷᠢᠭ ᠤᠨ ᠴᠠᠷᠪᠢ᠃1219 ᠣᠨ ᠳᠤ ᠴᠢᠩᠭᠢᠰ ᠬᠠᠭᠠᠨ  ᠲᠠᠢ ᠬᠠᠮᠳᠤᠷᠠᠨ ᠰᠠᠷᠳᠠᠭᠤᠯ ᠢ ᠲᠠᠶᠢᠯᠠᠷ᠎ᠠ ᠮᠣᠷᠳᠠᠨ ᠰᠢᠨᠢ ᠮᠦᠷᠡᠨ ᠤ ᠵᠦᠭ ᠵᠢᠭᠤᠳᠠᠭᠰᠠᠨ ᠵᠠᠯᠠᠯ ᠠᠳ᠋ᠳᠢᠨ ᠰᠦᠯᠲ᠋ᠠᠨ᠂ ᠬᠠᠨ ᠮᠠᠯᠢᠭ ᠨᠠᠷ ᠢ ᠨᠡᠬᠡᠨ ᠪᠠᠶᠢᠯᠳᠤᠵᠤ ᠡᠨᠡᠳᠬᠡᠭ ᠬᠦᠷᠦᠭᠡᠳ 1225 ᠣᠨ ᠳᠤ ᠪᠤᠴᠠᠵᠤ ᠢᠷᠡᠵᠡᠢ᠃          ᠪᠠᠳᠤ ᠬᠠᠭᠠᠨ — ᠴᠢᠩᠭᠢᠰ ᠬᠠᠭᠠᠨ ᠤ ᠤᠤᠭᠠᠨ ᠬᠦᠤ ᠵᠦᠴᠢ ᠶᠢᠨ ᠤᠤᠭᠠᠨ ᠬᠦᠤ᠃ 1243 ᠣᠨ ᠳᠤ ᠠᠯᠳᠠᠨ ᠣᠷᠳᠣᠳᠤ ᠬᠠᠭᠠᠨᠳᠤ ᠤᠯᠤᠰ ᠢ ᠪᠠᠶᠢᠭᠤᠯᠤᠭᠰᠠᠨ᠂ ᠡᠷᠡᠯᠬᠡᠭ ᠵᠣᠷᠢᠭ ᠴᠡᠷᠢᠭ ᠤᠨ ᠡᠷᠳᠡᠮ ᠢᠶᠠᠷ ᠢᠶᠠᠨ ᠴᠢᠩᠭᠢᠰ ᠬᠠᠭᠠᠨ ᠤ ᠣᠯᠠᠨ ᠠᠴᠢ ᠨᠠᠷ ᠠᠴᠠ ᠢᠯᠭᠠᠷᠠᠨ ᠭᠠᠷᠣᠭᠰᠠᠨ᠃ 1235 - 1242 ᠣᠨ ᠳᠤ ᠶᠡᠭᠡ ᠴᠡᠷᠢᠭ ᠵᠠᠬᠢᠷᠴᠤ ᠣᠳᠣ ᠶᠢᠨ ᠫᠣᠯᠱᠠ᠂ ᠪᠣᠯᠭᠠᠷᠢ᠂ ᠤᠩᠭᠠᠷ᠂ ᠴᠧᠾ᠂ ᠰᠯᠣᠸᠠᠺ᠂ ᠠᠦᠰᠲᠷᠢ᠂ ᠷᠦᠮᠢᠨᠢ᠂ ᠶᠦᠭᠤᠰᠯᠠᠸ᠋᠂ ᠭᠧᠷᠮᠠᠨ᠂ ᠣᠷᠣᠰ ᠢ ᠡᠵᠡᠯᠡᠵᠠᠢ᠃ ᠲᠡᠭᠦᠨ ᠤ ᠲᠡᠳ᠋ ᠵᠠᠩᠵᠤᠨ ᠨᠢ ᠠᠯᠳᠠᠷᠳᠤ ᠰᠦᠪᠡᠭᠡᠳᠠᠢ ᠪᠠᠶᠢᠭᠰᠠᠨ ᠪᠦᠭᠡᠳ ᠮᠦᠨ ᠲᠡᠭᠦᠨ ᠲᠠᠢ ᠬᠠᠮᠳᠤ ᠦᠭᠡᠳᠠᠢ᠂ ᠴᠠᠭᠠᠳᠠᠢ᠂ ᠲᠤᠯᠤᠢ ᠶᠢᠨ ᠤᠤᠭᠠᠨ ᠬᠦᠤ ᠭᠦᠶᠦᠭ᠂ ᠪᠦᠷᠦᠢ᠂ ᠮᠥᠩᠬᠡ ᠨᠠᠷ ᠶᠠᠪᠤᠭᠰᠠᠨ ᠠᠵᠢ᠃ 1235 ᠣᠨ ᠳᠤ ᠪᠠᠳᠤ ᠬᠠᠭᠠᠨ ᠶᠡᠭᠡ ᠴᠡᠷᠢᠭ ᠵᠠᠬᠢᠷᠬᠤ ᠳᠠᠭᠠᠨ 26 ᠨᠠᠰᠤ ᠲᠠᠢ ᠪᠠᠶᠢᠪᠠ᠃          ᠪᠤᠯᠤᠤ ︵булуу︶ — ᠠᠯᠳᠠᠷᠳᠤ ᠭᠤᠸ᠎ᠠ ᠸᠠᠩ ᠮᠣᠬᠤᠯᠠᠢ ᠶᠢᠨ ᠬᠦᠤ᠂ ᠣᠯᠠᠨ ᠲᠠᠶᠢᠨ ᠳᠤ ᠣᠷᠣᠯᠴᠠᠨ ᠶᠠᠪᠤᠵᠤ ᠶᠡᠭᠡ ᠮᠣᠩᠭᠤᠯ ᠤᠯᠤᠰ ᠢ ᠪᠠᠶᠢᠭᠤᠯᠬᠤ ᠳᠤ ᠶᠡᠬᠡᠬᠡᠨ ᠭᠠᠪᠢᠶ᠎ᠠ ᠪᠠᠶᠢᠭᠤᠯᠤᠭᠰᠠᠨ ︽ᠲᠠᠶᠢᠰᠤᠩ ᠨᠣᠶᠠᠨ︾ ᠵᠡᠷᠭᠡ ᠬᠦᠷᠳᠡᠵᠠᠢ᠃ 1216 - 1223 ᠣᠨ ᠳᠤ ᠮᠣᠬᠤᠯᠠᠢ ᠠᠯᠳᠠᠨ ᠤᠯᠤᠰ ᠢ ᠲᠠᠶᠢᠯᠠᠷ᠎ᠠ ᠡᠵᠡᠯᠡᠵᠤ ᠶᠠᠪᠤᠭᠠᠳ ᠡᠪᠳᠴᠢᠨ ᠢᠶᠠᠷ ᠨᠠᠰᠤ ᠪᠠᠷᠠᠭᠰᠠᠨ ᠤᠴᠢᠷ ᠬᠦᠤ ᠶᠢ ᠨᠢ ᠣᠷᠣᠨ ᠳᠤ ᠨᠢ ᠲᠣᠮᠢᠯᠠᠭᠰᠠᠨ ᠲᠡᠦᠬᠡ ᠲᠠᠢ᠃ ᠦᠷᠯᠦᠭ ᠵᠠᠩᠵᠤᠨ ᠠᠯᠳᠠᠨ ᠤᠯᠤᠰ᠂ ᠰᠦᠩ ᠤᠯᠤᠰ ᠢ ᠡᠵᠡᠯᠡᠵᠠᠢ᠃          ᠪᠣᠷᠤᠬᠤᠯ — ᠦᠭᠡᠯᠤᠨ ᠡᠬᠡ ᠶᠢᠨ ᠦᠰᠭᠡᠭᠰᠡᠨ ᠲᠦᠷᠪᠡᠨ ᠬᠦᠤ ᠶᠢᠨ ᠨᠢᠭᠡ᠂ ᠴᠢᠩᠭᠢᠰ ᠬᠠᠭᠠᠨ ᠤ ᠲᠦᠷᠪᠡᠨ ᠬᠦᠯᠦᠭ ᠪᠠᠭᠠᠳᠤᠷ ᠤᠨ ᠨᠢᠭᠡ᠃ ᠴᠢᠩᠭᠢᠰ ᠵᠦᠷᠭᠢᠨ ᠠᠶᠢᠮᠠᠭ ᠢ ᠡᠵᠡᠯᠡᠬᠦ ᠳᠡᠭᠡᠨ ᠲᠡᠭᠦᠨ ᠢ ᠣᠯᠵᠤ ᠡᠵᠢ  ᠳᠡᠭᠡᠨ ᠦᠭᠭᠦᠨ ᠦᠰᠭᠡᠭᠦᠯᠵᠠᠢ᠃ ᠪᠠᠯᠴᠢᠷ ᠠᠬᠤᠢ ᠠᠴᠠ ᠪᠠᠨ ᠬᠠᠭᠠᠨ ᠠᠬ᠎ᠠ ᠪᠠᠨ ᠲᠠᠭᠠᠵᠤ ᠣᠯᠠᠨ ᠮᠣᠩᠭᠤᠯ ᠣᠪᠣᠭ ᠠᠶᠢᠮᠠᠭ ᠢ ᠨᠢᠭᠡᠳᠭᠡᠬᠦ ᠳᠤ ᠣᠷᠣᠯᠴᠠᠭᠰᠠᠨ᠃ ᠲᠠᠶᠢᠴᠢᠭᠤᠳ ᠪᠣᠯᠣᠨ ᠬᠡᠷᠡᠶᠢᠳ ᠲᠠᠢ ᠪᠠᠶᠢᠯᠳᠤᠬᠤ ᠳᠤ ᠬᠤᠶᠠᠷ ᠤᠳᠠᠭ᠎ᠠ ᠰᠢᠷᠬᠠᠳᠤᠭᠰᠠᠨ ᠠᠳᠠᠯ᠎ᠠ ᠪᠠᠨ ᠲᠡᠮᠦᠵᠢᠨ᠂ ᠦᠭᠡᠳᠠᠢ ᠨᠠᠷ ᠢ ᠠᠪᠤᠷᠠᠵᠠᠢ᠃ 1205 ᠣᠨ ᠳᠤ ᠴᠢᠩᠭᠢᠰ ᠬᠠᠭᠠᠨ ᠤ ᠵᠠᠷᠯᠢᠭ ᠢᠶᠠᠷ ᠤᠸᠠᠰ ᠮᠡᠷᠭᠢᠳ ᠢ ᠲᠦᠪᠰᠢᠳᠭᠡᠭᠰᠡᠨ ᠵᠠᠩᠵᠤᠨ᠂ ᠮᠢᠩᠭᠠᠨ ᠤ ᠨᠣᠶᠠᠨ᠂ ᠪᠠᠷᠠᠭᠤᠨ ᠭᠠᠷ ᠤᠨ 38000 ᠴᠡᠷᠢᠭ ᠤᠨ ᠲᠡᠳ᠋ ᠶᠡᠷᠦᠩᠬᠡᠢ ᠵᠠᠬᠢᠷᠤᠭᠴᠢ ᠪᠣᠯᠪᠠ᠃          ᠪᠡᠷᠬᠡ — ᠵᠦᠴᠢ ᠶᠢᠨ ᠲᠦᠷᠪᠡᠳᠡᠬᠢ ᠲᠡᠭᠦᠤ᠂ ᠠᠯᠳᠠᠷᠳᠤ ᠪᠠᠳᠤ ᠬᠠᠭᠠᠨ ᠤ ᠲᠡᠭᠦᠤ᠃ 1235 ᠣᠨ ᠳᠤ ᠠᠬ᠎ᠠ ᠪᠠᠳᠤ ᠶᠢᠨ ᠤᠳᠤᠷᠢᠳᠤᠯᠭ᠎ᠠ ᠳᠤ ᠶᠠᠪᠤᠵᠤ᠂ ᠪᠣᠯᠭᠠᠷ᠂ ᠬᠢᠪᠴᠠᠭ᠂ ᠣᠷᠣᠰ᠂ ᠤᠩᠭᠠᠷ᠂ ᠫᠣᠯᠱᠠ ᠶᠢ ᠡᠵᠡᠯᠡᠭᠰᠡᠨ᠃ ᠪᠠᠳᠤ ᠬᠠᠭᠠᠨ ᠢ ᠲᠡᠭᠷᠢ ᠳᠤ ᠬᠠᠯᠢᠭᠰᠠᠨ ᠤ ᠲᠠᠷᠠᠭ᠎ᠠ ᠠᠯᠳᠠᠨ ᠣᠷᠳᠣᠳᠤ ᠬᠠᠭᠠᠨᠳᠤ ᠤᠯᠤᠰ ᠤᠨ ᠶᠡᠭᠡ ᠬᠠᠭᠠᠨ ᠪᠣᠯᠣᠭᠰᠠᠨ᠃ ᠦᠢᠯᠡᠳᠪᠦᠷᠢ ᠬᠤᠳᠠᠯᠳᠤᠭᠠᠨ ᠤ ᠲᠦᠪ ᠪᠣᠯᠣᠭᠰᠠᠨ ᠰᠢᠨ᠎ᠡ ᠬᠤᠳᠠ ︽ᠰᠠᠷᠠᠢ ᠪᠡᠷᠬᠡ︾ ᠪᠤᠶᠤ ᠦᠪᠡᠷ ᠤᠨ ᠨᠡᠷ᠎ᠡ ᠪᠠᠷ ᠨᠡᠷᠡᠯᠡᠭᠰᠡᠨ ᠬᠤᠳᠠ ᠪᠠᠶᠢᠭᠤᠯᠪᠠ᠃          ᠭᠦᠳᠠᠨ ︵гүдэн) — ᠦᠭᠡᠳᠠᠢ ᠬᠠᠭᠠᠨ ᠤ ᠬᠤᠶᠠᠳᠠᠬᠢ ᠬᠦᠤ᠂ 1235 ᠣᠨ ᠳᠤ ᠬᠠᠭᠠᠨ ᠡᠴᠢᠭᠡ ᠶᠢᠨ ᠢᠶᠠᠨ ᠵᠠᠷᠯᠢᠭ ᠢᠶᠠᠷ ᠶᠡᠭᠡ ᠴᠡᠷᠢᠭ ᠠᠪᠴᠤ ᠡᠮᠦᠨᠡᠳᠤ ᠠᠯᠳᠠᠨ ᠤᠯᠤᠰ ᠢ ᠲᠠᠶᠢᠯᠠᠪᠠ᠃ ᠰᠧᠴᠤᠸᠠᠨ ᠮᠣᠵᠢ ᠳᠤ ᠣᠷᠣᠵᠤ ᠴᠧᠩᠳᠤ ᠵᠡᠷᠭᠡ 20 ᠭᠠᠷᠤᠢ ᠬᠤᠳᠠ ᠶᠢ ᠡᠵᠡᠯᠡᠨ ᠶᠡᠭᠡ ᠢᠯᠠᠯᠳᠠ ᠪᠠᠶᠢᠭᠤᠯᠤᠭᠰᠠᠨ᠂ ᠮᠦᠨ ᠲᠦᠪᠡᠳ ᠲᠤ ᠴᠡᠷᠢᠭᠯᠡᠨ ᠣᠷᠣᠵᠤ 1240 ᠣᠨ ᠤ ᠦᠶ᠎ᠡ ᠳᠤ ᠴᠡᠷᠢᠭ ᠢᠶᠠᠨ ᠡᠷᠭᠢᠭᠦᠯᠦᠨ ᠲᠠᠲᠠᠵᠠᠢ᠃        ᠭᠡᠳᠠᠢ — ᠴᠢᠩᠭᠢᠰ ᠬᠠᠭᠠᠨ ᠤ ᠬᠤᠶᠠᠷ ᠮᠠᠩᠯᠠᠢ ᠶᠢᠨ ᠨᠢᠭᠡ ᠵᠦᠷᠴᠢᠳᠠᠢ ᠨᠣᠶᠠᠨ ᠤ ᠬᠦᠤ᠃ ᠶᠡᠭᠡ ᠬᠠᠭᠠᠨ ᠤ ᠮᠣᠩᠭᠤᠯ ᠢ ᠨᠢᠭᠡᠳᠭᠡᠬᠦ ᠣᠯᠠᠨ ᠤᠳᠠᠭ᠎ᠠ ᠶᠢᠨ ᠲᠠᠶᠢᠨ ᠳᠤ ᠣᠷᠣᠶᠢᠯᠠᠨ ᠣᠷᠣᠯᠴᠠᠭᠰᠠᠨ᠃ 1206 ᠣᠨ ᠳᠤ 95 ᠮᠢᠩᠭᠠᠨ ᠤ ᠨᠣᠶᠠᠨ ᠢᠶᠠᠷ ᠡᠷᠭᠦᠮᠵᠢᠯᠡᠭᠳᠡᠭᠰᠡᠨ᠃ 1213 ᠣᠨ ᠳᠤ ᠠᠯᠳᠠᠨ ᠤᠯᠤᠰ ᠢ ᠲᠠᠶᠢᠯᠠᠷ᠎ᠠ ᠮᠣᠷᠳᠠᠨ ᠦᠷᠯᠦᠭ ᠪᠠᠭᠠᠳᠤᠷ ᠵᠡᠪᠡ ᠨᠣᠶᠠᠨ ᠲᠠᠢ ᠬᠠᠮᠳᠤ ᠴᠡᠷᠢᠭ ᠵᠠᠬᠢᠷᠴᠤ᠂ ᠴᠠᠪᠴᠢᠶᠠᠯ ᠪᠣᠭᠤᠮᠳᠠ᠂ ᠳᠤᠮᠳᠠ ᠨᠡᠶᠢᠰᠯᠡᠯ ᠵᠦᠩᠳᠤ ᠶᠢ ᠪᠦᠰᠡᠯᠡᠨ ᠴᠣᠬᠢᠬᠤ ᠳᠤ ᠭᠠᠪᠢᠶ᠎ᠠ ᠪᠠᠶᠢᠭᠤᠯᠵᠠᠢ᠃          ᠶᠡᠬᠦᠤ — ᠴᠢᠩᠭᠢᠰ ᠬᠠᠭᠠᠨ ᠤ ᠲᠡᠭᠦᠤ ᠬᠠᠪᠤᠳᠤ ᠬᠠᠰᠠᠷ ᠤᠨ ᠤᠤᠭᠠᠨ ᠬᠦᠤ᠂ ᠦᠭᠡᠳᠠᠢ ᠬᠠᠭᠠᠨ ᠤ ᠦᠶ᠎ᠡ  ᠳᠤ ᠲᠣᠷᠭᠠᠨ ᠴᠡᠷᠢᠭ ᠤᠨ ᠮᠢᠩᠭᠠᠨ ᠤ ᠨᠣᠶᠠᠨ ᠪᠣᠯᠣᠭᠰᠠᠨ᠂ ᠬᠤᠵᠢᠮ ᠨᠢ ᠠᠯᠳᠠᠨ ᠤᠯᠤᠰ ᠢ ᠲᠠᠶᠢᠯᠠᠬᠤ ᠳᠤ ᠣᠷᠣᠯᠴᠠᠭᠰᠠᠨ ᠪᠠ ᠪᠠᠳᠤ ᠶᠢᠨ ᠵᠠᠬᠢᠷᠤᠭᠰᠠᠨ ︽ᠤᠤᠭᠠᠨ ᠬᠦᠪᠡᠭᠦᠳ ᠤᠨ ᠲᠠᠶᠢᠨ ᠳᠤ ᠮᠣᠷᠳᠠᠨ ᠠᠯᠳᠠᠷ ᠨᠡᠷ᠎ᠡ ᠪᠠᠨ ᠮᠠᠨᠳᠤᠭᠤᠯᠤᠨ ᠭᠠᠪᠢᠶ᠎ᠠ ᠪᠠᠶᠢᠭᠤᠯᠵᠠᠢ᠃          ᠵᠦᠷᠴᠢᠳᠠᠢ — ᠡᠷᠡᠯᠬᠡᠭ ᠪᠠᠭᠠᠳᠤᠷ᠂ ᠮᠡᠷᠭᠡᠨ ᠬᠠᠷᠪᠤᠭᠠᠴᠢ ᠲᠤᠯᠠ ᠴᠢᠩᠭᠢᠰ ᠬᠠᠭᠠᠨ ᠬᠤᠶᠠᠷ ᠮᠠᠩᠯᠠᠢ ᠶᠢᠨ ᠢᠶᠠᠨ ᠨᠢᠭᠡᠨ ᠪᠣᠯᠭᠠᠭᠰᠠᠨ᠃ ᠬᠡᠷᠡᠶᠢᠳ᠂ ᠨᠠᠶᠢᠮᠠᠨ᠂ ᠮᠡᠷᠭᠢᠳ᠂ ᠠᠯᠳᠠᠨ ᠤᠯᠤᠰ ᠢ ᠲᠠᠶᠢᠯᠠᠷ᠎ᠠ ᠮᠣᠷᠳᠠᠬᠤ ᠳᠤ ᠣᠷᠣᠯᠴᠠᠭᠰᠠᠨ ᠭᠠᠪᠢᠶᠠᠳᠠᠨ᠂ ᠴᠢᠩᠭᠢᠰ ᠤᠨ 95 ᠭᠠᠪᠢᠶᠠᠳᠠᠨ ᠤ ᠨᠢᠭᠡ ᠪᠠᠷ ᠡᠷᠭᠦᠮᠵᠢᠯᠡᠭᠳᠡᠭᠰᠡᠨ᠃          ᠵᠦᠴᠢ — ᠴᠢᠩᠭᠢᠰ ᠬᠠᠭᠠᠨ ᠤ ᠤᠤᠭᠠᠨ ᠬᠦᠤ᠂ ᠮᠣᠩᠭᠤᠯ ᠤᠨ ᠴᠡᠷᠢᠭ ᠤᠨ ᠨᠡᠷᠡᠳᠤ ᠵᠠᠩᠵᠤᠨ᠂ ᠪᠠᠭ᠎ᠠ ᠠᠴᠠ ᠪᠠᠨ ᠬᠠᠭᠠᠨ ᠡᠴᠢᠭᠡ ᠪᠠᠨ ᠲᠠᠭᠠᠨ ᠮᠣᠩᠭᠤᠯ ᠢ ᠨᠢᠭᠡᠳᠭᠡᠬᠦ ᠣᠯᠠᠨ ᠲᠤᠯᠤᠯᠳᠤᠭᠠᠨ ᠳᠤ ᠣᠷᠣᠵᠤ ᠪᠠᠭᠠᠳᠤᠷᠯᠢᠭ ᠭᠠᠪᠢᠶ᠎ᠠ ᠪᠠᠶᠢᠭᠤᠯᠤᠭᠰᠠᠨ᠂ 1207 ᠣᠨ ᠳᠤ ᠪᠠᠷᠠᠭᠤᠨ ᠭᠠᠷ ᠤᠨ ᠴᠡᠷᠢᠭ ᠢ ᠵᠠᠬᠢᠷᠴᠤ᠂ ︽ᠣᠢ ᠶᠢᠨ ᠢᠷᠭᠡᠳ︾ ᠢ ᠪᠠᠭᠤᠯᠭᠠᠨ ᠠᠪᠤᠭᠰᠠᠨ᠃ 1211-1216 ᠣᠨ ᠳᠤ ᠬᠠᠭᠠᠨ ᠡᠴᠢᠭᠡ ᠶᠢᠨ ᠬᠠᠮᠳᠤ ᠠᠯᠳᠠᠨ ᠤᠯᠤᠰ᠂ 1219 ᠣᠨ ᠳᠤ ᠬᠤᠷᠧᠽᠮ ᠤᠯᠤᠰ ᠢ᠂ 1221 ᠣᠨ ᠳᠤ ᠴᠠᠭᠠᠳᠠᠢ ᠦᠭᠡᠳᠠᠢ ᠶᠢᠨ ᠬᠠᠮᠳᠤ ᠪᠠᠷᠠᠭᠤᠨ ᠶᠡᠭᠡ ᠴᠡᠷᠢᠭ ᠢ ᠵᠠᠬᠢᠷᠴᠤ ᠦᠷᠭᠧᠨ᠋ᠴᠢ ᠢ ᠡᠵᠡᠯᠡᠨ ᠠᠪᠴᠤ᠂ ᠲᠦᠪ ᠠᠽᠢᠶ᠎ᠠ ᠶᠢ ᠴᠢᠩᠭᠢᠰ ᠤᠨ ᠡᠷᠬᠡᠰᠢᠶᠡᠯ  ᠳᠤ ᠣᠷᠣᠭᠤᠯᠤᠭᠰᠠᠨ᠃ ᠮᠦᠨ ᠬᠢᠪᠴᠠᠭ ᠢ ᠪᠠᠶᠢᠯᠳᠤᠨ ᠲᠠᠭᠠᠭᠤᠯᠵᠠᠢ᠃ 1225 ᠣᠨ ᠳᠤ ᠴᠢᠩᠭᠢᠰ ᠬᠠᠭᠠᠨ ᠡᠵᠡᠯᠡᠭᠰᠡᠨ ᠣᠷᠣᠨ ᠨᠤᠭᠤᠳ ᠢᠶᠠᠨ ᠬᠤᠪᠢᠶᠠᠬᠤ ᠳᠠᠭᠠᠨ ᠡᠷᠴᠢᠰ ᠮᠦᠷᠡᠨ ᠠᠴᠠ ᠦᠷᠠᠯ ᠤᠨ ᠨᠢᠷᠤᠭᠤ ᠬᠦᠷᠳᠡᠯᠡᠬᠢ ᠠᠭᠤᠳᠠᠮ ᠶᠡᠭᠡ ᠨᠤᠳᠤᠭ ᠢ ᠰᠣᠶᠣᠷᠬᠠᠵᠠᠢ᠃ ᠲᠡᠷᠡ ᠨᠢ ᠠᠯᠳᠠᠨ ᠣᠷᠳᠣᠨ ᠤ ᠤᠯᠤᠰ ᠪᠤᠶᠤ ᠵᠦᠴᠢ ᠶᠢᠨ ᠤᠯᠤᠰ ᠬᠡᠮᠡᠨ ᠲᠡᠦᠬᠡᠨ ᠳᠤ ᠦᠯᠡᠳᠡᠭᠰᠡᠨ ᠪᠢᠯᠡ᠃ 45 ᠨᠠᠰᠤᠨ ᠳᠠᠭᠠᠨ ᠤᠴᠠᠷ ᠪᠢᠳᠡᠭᠦᠯᠢᠭ ᠢᠶᠠᠷ ᠦᠭᠡᠳᠡ ᠪᠣᠯᠣᠭᠰᠠᠨ ᠤᠤᠭᠠᠨ ᠬᠦᠤ ᠵᠦᠴᠢ ᠳᠡᠭᠡᠨ ᠴᠢᠩᠭᠢᠰ ᠬᠠᠭᠠᠨ 7.5-10 ᠮᠧᠲᠷ ᠦᠨᠳᠦᠷ᠂ 7.3 ᠮᠧᠲᠷ ᠦᠷᠭᠡᠨ ᠰᠦᠷᠯᠢᠭ ᠪᠣᠩᠬᠤᠨ ᠪᠠᠶᠢᠭᠤᠯᠤᠭᠰᠠᠨ ᠨᠢ ᠣᠳᠤ ᠺᠠᠽᠠᠭᠰᠲ᠋ᠠᠨ ᠳᠤ ᠪᠤᠢ᠃          ᠮᠥᠩᠬᠡ ᠬᠠᠭᠠᠨ — ᠶᠡᠭᠡ ᠮᠣᠩᠭᠤᠯ ᠤᠯᠤᠰ ᠤᠨ ᠲᠦᠷᠪᠡᠳᠦᠭᠡᠷ ᠦᠶ᠎ᠡ ᠶᠢᠨ ᠬᠠᠭᠠᠨ᠂ ᠴᠢᠩᠭᠢᠰ ᠬᠠᠭᠠᠨ ᠤ ᠣᠳᠬᠠᠨ ᠬᠦᠤ ᠲᠣᠯᠣᠢ ᠶᠢᠨ ᠤᠤᠭᠠᠨ ᠬᠦᠤ᠃ 1230 ᠣᠨ ᠳᠤ ᠦᠭᠡᠳᠠᠢ ᠬᠠᠭᠠᠨ ᠢ ᠲᠠᠭᠠᠵᠤ ᠠᠯᠳᠠᠨ ᠤᠯᠤᠰ ᠢ ᠲᠠᠶᠢᠯᠠᠭᠰᠠᠨ᠂ 1235 ᠣᠨ ᠳᠤ ᠪᠠᠳᠤ ᠶᠢᠨ ᠤᠳᠤᠷᠢᠳᠤᠯᠭ᠎ᠠ ᠳᠤ ᠣᠷᠣᠰ᠂ ᠬᠢᠪᠴᠠᠭ᠂ ᠡᠸᠦᠷᠦᠫᠡ ᠶᠢᠨ ᠣᠯᠠᠨ ᠤᠯᠤᠰ ᠢ ᠪᠠᠶᠢᠯᠳᠤᠨ ᠲᠠᠭᠠᠭᠤᠯᠵᠠᠢ᠃ 1251 ᠣᠨ ᠳᠤ ᠬᠠᠭᠠᠨ ᠪᠣᠯᠵᠤ ᠰᠢᠨ᠎ᠡ ᠪᠠᠷ ᠬᠤᠶᠠᠷ ᠶᠡᠭᠡ ᠲᠠᠶᠢᠨ ᠬᠢᠪᠡ᠂ 1252 ᠣᠨ ᠳᠤ ᠲᠡᠭᠦᠤ ᠬᠦᠯᠦᠭ ᠢ ᠦᠷᠦᠨ᠎ᠡ ᠵᠦᠭ᠂ ᠲᠡᠭᠦᠤ ᠬᠤᠪᠢᠯᠠᠢ ᠶᠢ ᠳ᠋ᠠ ᠯᠢ ᠤᠯᠤᠰ ᠢ ᠲᠠᠶᠢᠯᠠᠷ᠎ᠠ ᠮᠣᠷᠳᠠᠭᠤᠯᠵᠠᠢ᠃ ᠮᠦᠨ ᠦᠪᠡᠷ ᠢᠶᠠᠨ ᠶᠡᠭᠡ ᠴᠡᠷᠢᠭ ᠵᠠᠬᠢᠷᠴᠤ ᠰᠥᠩ ᠤᠯᠤᠰ ᠢ ᠲᠣᠪᠳᠣᠯᠣᠨ ᠪᠠᠶᠢᠯᠳᠤᠭᠰᠠᠨ᠃ ᠲᠡᠷᠡ ᠪᠠᠷ ᠠᠪᠢᠶᠠᠰ ᠪᠢᠯᠢᠭ ᠲᠡᠭᠦᠯᠳᠡᠷ ᠣᠯᠠᠨ ᠠᠴᠠ ᠣᠨᠴᠤᠭᠠᠶᠢᠷᠠᠭᠰᠠᠨ ᠮᠡᠷᠭᠡᠨ ᠠᠷᠭ᠎ᠠ ᠪᠣᠳᠣᠯᠭ᠎ᠠ ᠲᠠᠢ ᠬᠠᠭᠠᠨ ᠪᠠᠶᠢᠪᠠ᠃          ᠮᠣᠬᠤᠯᠠᠢ — ᠡᠷᠯᠬᠡᠭ ᠪᠠᠭᠠᠳᠤᠷ᠂ ᠴᠡᠷᠢᠭ ᠤᠨ ᠰᠣᠳᠤ ᠵᠠᠩᠵᠤᠨ᠂ ᠴᠢᠩᠭᠢᠰ ᠬᠠᠭᠠᠨ ᠤ ᠠᠭᠤᠤ ᠦᠢᠯᠡᠰ  ᠲᠤ ᠦᠨᠡᠨᠴᠢ ᠵᠢᠳᠬᠦᠭᠰᠡᠨ ᠤᠴᠢᠷ ᠵᠡᠭᠦᠨ ᠭᠠᠷ ᠤᠨ ᠲᠦᠮᠡᠨ ᠤ ᠨᠣᠶᠠᠨ ᠪᠤᠯᠵᠤ᠂ ᠴᠡᠷᠢᠭ ᠮᠣᠷᠢ ᠶᠢ ᠶᠡᠷᠥᠩᠬᠡᠶᠢᠯᠡᠨ ᠵᠠᠬᠢᠷᠬᠤ ᠭᠤᠸ᠎ᠠ ᠸᠠᠩ ᠢᠶᠠᠷ ᠡᠷᠭᠦᠮᠵᠢᠯᠡᠭᠳᠡᠭᠰᠡᠨ᠃ 1211-1216 ᠣᠨ ᠳᠤ ᠶᠡᠭᠡ ᠬᠠᠭᠠᠨ ᠢ ᠲᠠᠭᠠᠵᠤ ᠠᠯᠳᠠᠨ ᠤᠯᠤᠰ ᠢ ᠲᠠᠶᠢᠯᠠᠪᠠ᠂ 1217 ᠣᠨ ᠳᠤ ᠲᠤᠰ ᠤᠯᠤᠰ ᠢ ᠲᠠᠶᠢᠯᠠᠬᠤ ᠪᠦᠷᠢᠨ ᠡᠷᠬᠡ ᠶᠢ ᠬᠦᠯᠢᠶᠡᠪᠡ᠃ 1217-1223 ᠣᠨ ᠳᠤ ᠠᠯᠳᠠᠨ ᠤᠯᠤᠰ ᠤᠨ ᠣᠯᠠᠨ ᠬᠤᠳᠠ ᠶᠢ ᠡᠵᠡᠯᠡᠭᠡᠳ ᠪᠦᠷᠢᠮᠦᠰᠦᠨ ᠢᠯᠠᠬᠤ ᠠᠴᠠ ᠡᠮᠦᠨ᠎ᠡ ᠦᠭᠡᠳᠡ ᠪᠣᠯᠣᠭᠰᠠᠨ᠃ ᠲᠡᠷᠡ ᠭᠡᠷᠢᠶᠡᠰᠦᠯᠡᠯ ᠳᠡᠭᠡᠨ ︽ᠪᠢ ᠤᠯᠤᠰ ᠭᠦᠷᠦᠨ ᠤ ᠪᠠᠨ ᠲᠦᠯᠦᠭᠡ ᠵᠡᠭᠦᠨ ᠪᠠᠷᠠᠭᠤᠨ ᠲᠡᠰᠢ ᠪᠠᠶᠢᠯᠳᠤᠨ ᠲᠠᠶᠢᠯᠠᠭᠠᠳ ᠶᠡᠭᠡ ᠦᠢᠯᠡᠰ ᠢ ᠪᠦᠳᠦᠭᠡᠪᠡ᠃ ᠭᠠᠭᠴᠠ ᠠᠯᠳᠠᠨ ᠤᠯᠤᠰ ᠤᠨ ᠨᠡᠶᠢᠰᠯᠡᠯ ᠪᠡᠭᠡᠵᠢᠩ ᠬᠤᠳᠠ ᠶᠢ ᠡᠪᠳᠡᠵᠤ ᠡᠰᠡ ᠴᠢᠳᠠᠭᠰᠠᠨ ᠳᠠᠭᠠᠨ ᠬᠠᠷᠠᠮᠰᠠᠨᠠᠮ ᠡᠨᠡ ᠡᠭᠦᠷᠭᠡ ᠶᠢ ᠭᠦᠢᠴᠡᠳᠭᠡᠭᠳᠦᠨ︾ ᠭᠡᠵᠤ ᠬᠤᠶᠢᠴᠢ ᠦᠶ᠎ᠡ ᠳᠡᠭᠡᠨ ᠵᠠᠬᠢᠵᠠᠢ᠃        ᠦᠭᠡᠳᠠᠢ — ᠶᠡᠭᠡ ᠮᠣᠩᠭᠤᠯ ᠤᠯᠤᠰ ᠤᠨ ᠬᠤᠶᠠᠳᠠᠬᠢ ᠬᠠᠭᠠᠨ᠂ ᠪᠠᠭ᠎ᠠ ᠠᠴᠠ ᠪᠠᠨ ᠬᠠᠭᠠᠨ ᠡᠴᠢᠭᠡ ᠪᠠᠨ  ᠲᠠᠭᠠᠨ ᠲᠠᠶᠢᠨ ᠲᠤᠯᠤᠯᠳᠤᠭᠠᠨ ᠳᠤ ᠣᠷᠣᠵᠤ ᠡᠷᠯᠬᠡᠭ ᠪᠠᠭᠠᠳᠤᠷ ᠬᠡᠮᠡᠨ ᠠᠯᠳᠠᠷᠰᠢᠭᠰᠠᠨ᠃ ᠸᠠᠩ ᠬᠠᠨ ᠤ ᠴᠡᠷᠢᠭ  ᠲᠠᠢ ᠪᠠᠶᠢᠯᠳᠤᠬᠤ ᠳᠤ ᠰᠢᠷᠬᠠᠳᠤᠵᠤ ᠦᠵᠡᠭᠰᠡᠨ᠂ ᠠᠯᠳᠠᠨ ᠤᠯᠤᠰ᠂ ᠬᠤᠷᠧᠽᠠᠮ᠂ ᠰᠠᠷᠳᠠᠭᠤᠯ᠂ ᠲᠠᠩᠭᠤᠳ ᠤᠨ ᠡᠰᠡᠷᠭᠦ ᠲᠠᠶᠢᠳᠤᠭᠰᠠᠨ᠃ ᠬᠠᠭᠠᠨ ᠪᠣᠯᠣᠭᠠᠳ ᠣᠯᠠᠨ ᠰᠢᠨᠡᠴᠢᠯᠡᠯ ᠬᠢᠭᠰᠡᠨ᠃ ᠮᠦᠨ ᠠᠯᠳᠠᠨ ᠤᠯᠤᠰ ᠢ ᠮᠦᠬᠦᠭᠡᠵᠤ᠂ ᠮᠦᠨ ︽ᠤᠤᠭᠠᠨ ᠬᠦᠪᠡᠭᠦᠳ ᠤᠨ ᠠᠶᠠᠨ ᠲᠠᠶᠢᠨ︾ ᠢ ᠬᠢᠯᠭᠡᠨ ᠣᠯᠠᠨ ᠤᠯᠤᠰ ᠢ ᠡᠵᠡᠯᠡᠵᠡᠢ᠃          ᠰᠤᠭᠤ — ᠦᠭᠡᠳᠠᠢ ᠬᠠᠭᠠᠨ ᠤ ᠦᠶ᠎ᠡ ᠳᠤ ᠲᠦᠷᠦ ᠭᠦᠷᠦᠨ ᠳᠤ ᠦᠨᠡᠨᠴᠢ ᠵᠢᠳᠬᠦᠭᠰᠡᠨ ᠪᠠᠭᠠᠳᠤᠷ ᠵᠠᠩᠵᠤᠨ᠃ 1229 ᠣᠨ ᠳᠤ ᠦᠭᠡᠳᠠᠢ ᠬᠠᠭᠠᠨ ᠠᠯᠳᠠᠨ ᠤᠯᠤᠰ ᠢ ᠲᠠᠶᠢᠯᠠᠨ ᠴᠣᠬᠢᠬᠤ ᠰᠢᠢᠳᠪᠦᠷᠢ ᠭᠠᠷᠭᠠᠵᠤ᠂ ᠰᠤᠭᠤ ᠶᠢ ᠡᠯᠴᠢ ᠪᠠᠷ ᠲᠣᠮᠢᠯᠠᠨ ᠲᠠᠶᠢᠨ ᠤ ᠵᠠᠮ ᠢ ᠰᠣᠳᠣᠯᠠᠭᠤᠯᠵᠠᠢ᠃ 1235 ᠣᠨ ᠳᠤ ᠬᠠᠭᠠᠨ ᠤ ᠵᠠᠷᠯᠢᠭ ᠢᠶᠠᠷ ᠬᠠᠳᠤᠨ ᠭᠤᠤᠯ ᠠᠴᠠ ᠬᠤᠶᠢᠰᠢ ᠲᠡᠮᠦᠷ ᠬᠠᠭᠠᠯᠭ᠎ᠠ ᠠᠴᠠ ᠡᠮᠦᠨᠡᠭᠦᠷᠬᠢ ᠦᠷᠭᠡᠨ ᠠᠭᠤᠳᠠᠮ ᠨᠤᠳᠤᠭ ᠢ ᠵᠠᠬᠢᠷᠤᠨ ᠰᠠᠭᠤᠵᠠᠢ᠃          ᠰᠣᠨᠣᠳᠠᠢ — ᠴᠢᠩᠭᠢᠰ ᠬᠠᠭᠠᠨ ᠳᠤ ᠶᠡᠬᠡᠳᠡ ᠲᠤᠰᠠ ᠪᠣᠯᠣᠨ ᠵᠢᠳᠬᠦᠵᠤ ᠶᠠᠪᠤᠭᠰᠠᠨ ᠵᠠᠩᠵᠤᠨ᠃ ᠡᠬᠢᠯᠡᠭᠡᠳ ᠬᠠᠭᠠᠨ ᠤ ᠲᠣᠷᠭᠠᠨ ᠴᠡᠷᠢᠭ ᠤᠨ ᠠᠬᠠᠯᠠᠭᠴᠢ ᠨᠣᠶᠠᠨ᠂ ᠬᠤᠵᠢᠮ ᠮᠣᠬᠤᠯᠠᠢ ᠨᠣᠶᠠᠨ ᠤ ᠦᠷᠯᠦᠭ ᠴᠡᠷᠢᠭ ᠤᠨ ᠬᠤᠰᠢᠭᠤᠴᠢ ᠪᠣᠯᠵᠠᠢ᠃ ᠦᠭᠡᠳᠠᠢ ᠬᠠᠭᠠᠨ ᠤ ᠦᠶ᠎ᠡ ᠳᠤ 30000 ᠴᠡᠷᠢᠭ ᠵᠠᠬᠢᠷᠤᠨ ᠪᠠᠷᠠᠭᠤᠨ ᠠᠽᠢᠶ᠎ᠠ ᠡᠸᠦᠷᠦᠫᠡ ᠶᠢ ᠲᠠᠶᠢᠯᠵᠤ᠂ ᠬᠢᠪᠴᠠᠭ᠂ ᠪᠣᠯᠭᠠᠷ ᠵᠡᠷᠭᠡ ᠤᠯᠤᠰ ᠲᠠᠢ ᠪᠠᠶᠢᠯᠳᠤᠬᠤ ᠳᠤ ᠶᠡᠭᠡ ᠭᠠᠪᠢᠶ᠎ᠠ ᠪᠠᠶᠢᠭᠤᠯᠤᠭᠰᠠᠨ᠃ ᠮᠦᠨ ᠠᠯᠳᠠᠨ ᠤᠯᠤᠰ ᠢ ᠲᠠᠶᠢᠯᠠᠷ᠎ᠠ ᠣᠷᠣᠬᠤ ᠳᠤ ᠣᠷᠣᠯᠴᠠᠵᠠᠢ᠃          ᠰᠦᠪᠡᠭᠡᠳᠠᠢ — ᠴᠢᠩᠭᠢᠰ ᠬᠠᠭᠠᠨ ᠤ ᠶᠢᠰᠦᠨ ᠦᠷᠯᠦᠭ ᠤᠨ ᠨᠢᠭᠡ ᠪᠠ ᠲᠦᠷᠪᠡᠨ ᠬᠤᠰᠢᠭᠤᠴᠢ ᠶᠢᠨ ᠨᠢᠭᠡ᠃ ᠦᠭᠡᠳᠠᠢ ᠬᠠᠭᠠᠨ ᠤ ᠪᠦᠬᠦ ᠴᠡᠷᠢᠭ ᠤᠨ ᠶᠡᠷᠦᠩᠬᠡᠢ ᠵᠠᠩᠵᠤᠨ᠂ ᠲᠡᠷᠡ ᠪᠠᠷ ᠴᠢᠩᠭᠢᠰ᠂ ᠦᠭᠡᠳᠠᠢ ᠬᠠᠭᠠᠳ ᠲᠤ ᠵᠢᠳᠬᠦᠭᠰᠡᠨ ᠠᠯᠳᠠᠷᠳᠤ ᠶᠡᠭᠡ ᠵᠠᠩᠵᠤᠨ ᠪᠢᠯᠡ᠃ ᠬᠡᠷᠡᠶᠢᠳ᠂ ᠨᠠᠶᠢᠮᠠᠨ ᠠᠶᠢᠮᠠᠭ᠂ ᠠᠯᠳᠠᠨ ᠤᠯᠤᠰ᠂ ᠰᠣᠯᠣᠩᠭᠤᠰ᠂ ᠬᠢᠪᠴᠠᠭ᠂ ᠡᠮᠦᠨᠡᠳᠤ ᠣᠷᠣᠰ᠂ ᠪᠣᠯᠭᠠᠷ ᠲᠠᠩᠭᠤᠳ ᠢ ᠲᠠᠶᠢᠯᠠᠷ᠎ᠠ ᠮᠣᠷᠳᠠᠭᠰᠠᠨ᠃ 95 ᠭᠠᠪᠢᠶᠠᠳᠠᠨ ᠤ ᠨᠢᠭᠡ ᠪᠣᠯᠵᠤ ᠮᠢᠩᠭᠠᠨ ᠤ ᠨᠣᠶᠠᠨ ᠢᠶᠠᠷ ᠡᠷᠭᠦᠮᠵᠢᠯᠡᠭᠳᠡᠭᠰᠡᠨ᠃ ᠦᠭᠡᠳᠠᠢ ᠬᠠᠭᠠᠨ ᠤ ᠦᠶ᠎ᠡ ᠳᠤ ᠣᠯᠠᠨ ᠤᠳᠠᠭ᠎ᠠ ᠴᠡᠷᠢᠭ ᠵᠠᠬᠢᠷᠤᠨ ᠡᠮᠦᠨᠡᠳᠤ ᠤᠮᠠᠷᠠᠳᠤ ᠶᠢ ᠳᠠᠶᠢᠯᠠᠵᠠᠢ᠃ 1235-1242 ᠣᠨ ᠳᠤ ᠪᠠᠳᠤ ᠶᠢᠨ ᠵᠠᠬᠢᠷᠣᠭᠰᠠᠨ ᠶᠡᠭᠡ ᠴᠡᠷᠢᠭ ᠲᠤ ᠲᠡᠳ᠋ ᠵᠠᠩᠵᠤᠨ ᠢᠶᠠᠷ ᠶᠠᠪᠤᠵᠤ ᠬᠤᠶᠠᠳᠠᠬᠢ ᠤᠳᠠᠭ᠎ᠠ ᠪᠠᠨ ᠪᠠᠷᠠᠭᠤᠨ ᠲᠡᠰᠢ ᠲᠠᠶᠢᠯᠠᠷ᠎ᠠ ᠣᠳᠣᠭᠰᠠᠨ᠃ ᠠᠯᠳᠠᠨ ᠤᠯᠤᠰ ᠤᠨ ᠨᠡᠶᠢᠰᠯᠡᠯ ᠪᠢᠶᠠᠨ ᠵᠢᠩ ᠢ 16 ᠬᠤᠨᠤᠭ ᠪᠦᠰᠡᠯᠡᠵᠤ ᠡᠵᠡᠯᠡᠵᠡᠢ᠃ ᠭᠠᠵᠠᠷ ᠤᠨ ᠲᠤᠮᠳᠠᠳᠤ ᠲᠠᠩᠭᠢᠰ ᠠᠴᠠ ᠬᠤᠶᠢᠰᠢᠬᠢ ᠣᠷᠣᠨ ᠨᠤᠭᠤᠳ ᠤᠨ ᠡᠰᠡᠷᠭᠦ ᠲᠠᠶᠢᠨ ᠳᠤ ᠲᠡᠳ᠋ ᠵᠠᠩᠵᠤᠨ ᠢᠶᠠᠷ ᠶᠠᠪᠤᠵᠤ ᠣᠷᠣᠰ ᠤᠨ ᠴᠡᠷᠢᠭ ᠢ ᠳ᠋ᠧᠨᠧᠫᠷ ᠮᠦᠷᠡᠨ ᠬᠦᠷᠳᠡᠯ᠎ᠡ ᠨᠡᠬᠡᠨ ᠪᠠᠶᠢᠯᠳᠤᠭᠰᠠᠨ ᠨᠢ ᠴᠡᠷᠢᠭ ᠤᠨ ᠲᠡᠦᠬᠡᠨ ᠳᠤ ᠲᠣᠳᠣᠷᠠᠭ᠎ᠠ ᠦᠭᠡᠢ ᠠᠯᠤᠰ ᠬᠤᠯᠠ ᠶᠢᠨ ᠠᠶᠠᠨ ᠲᠠᠶᠢᠨ ᠪᠣᠯᠵᠠᠢ᠃ ︽ᠭᠠᠭᠴᠠ ᠨᠢᠳᠦᠳᠤ ᠴᠢᠨ᠋ᠸ᠎ᠠ︾ ︽ᠲᠡᠮᠦᠷ ᠲᠡᠷᠭᠡᠳᠤ ᠰᠦᠪᠡᠭᠡᠳᠠᠢ︾ ᠬᠡᠮᠡᠨ ᠡᠸᠦᠷᠦᠫᠡ ᠳᠤ ᠠᠯᠳᠠᠷᠰᠢᠵᠠᠢ᠃          ᠲᠠᠴᠠᠷ — ᠴᠢᠩᠭᠢᠰ ᠬᠠᠭᠠᠨ ᠤ ᠦᠷᠯᠦᠭ ᠵᠠᠩᠵᠤᠨ ᠪᠣᠭᠤᠷᠴᠤ ᠶᠢᠨ ᠬᠤᠶᠠᠳᠠᠬᠢ ᠬᠦᠤ᠂ ᠦᠭᠡᠳᠠᠢ ᠬᠠᠭᠠᠨ ᠤ ᠦᠶ᠎ᠡ ᠳᠤ ᠣᠨᠴᠣᠭᠤᠢ ᠲᠤᠯᠤᠯᠳᠤᠭᠠᠨ ᠳᠤ ᠶᠠᠪᠤᠵᠤ ᠴᠡᠷᠢᠭ ᠵᠠᠬᠢᠷᠴᠤ ᠪᠠᠶᠢᠪᠠ᠃1233 ᠣᠨ ᠳᠤ ᠬᠤᠪᠢᠯᠠᠢ ᠶᠢᠨ ᠵᠠᠷᠯᠢᠭ ᠢᠶᠠᠷ ᠶᠡᠭᠡ ᠵᠠᠩᠵᠤᠨ ᠲᠠᠮᠤᠳᠠᠷ ᠤᠨ ᠬᠠᠮᠳᠤ ᠴᠡᠷᠢᠭ ᠲᠠᠶᠢᠴᠢᠯᠠᠨ ᠠᠯᠳᠠᠨ ᠤᠯᠤᠰ ᠢ ᠲᠣᠪᠳᠣᠯᠣᠭᠠᠳ᠂ 1234 ᠣᠨ ᠳᠤ ᠰᠢᠨ᠎ᠡ ᠬᠠᠭᠠᠨ ᠴᠢᠶᠥᠩ ᠯᠢᠨ ᠭᠡᠭᠴᠢ ᠶᠢ ᠪᠠᠷᠢᠵᠠᠢ᠃ ᠬᠤᠵᠢᠮ ᠮᠦᠩᠬᠡ ᠬᠠᠭᠠᠨ ᠤ ᠦᠶ᠎ᠡ ᠳᠤ ᠮᠦᠨ ᠴᠡᠷᠢᠭ ᠤᠨ ᠦᠷᠯᠦᠭ ᠤᠨ ᠨᠢᠭᠡᠨ ᠪᠠᠶᠢᠵᠤ ᠲᠠᠶᠢᠨ ᠲᠤᠯᠤᠯᠳᠤᠭᠠᠨ ᠳᠤ ᠣᠯᠠᠨᠳᠠ ᠣᠷᠣᠵᠠᠢ᠃ 1258 ᠣᠨ ᠳᠤ ᠮᠥᠩᠬᠡ ᠬᠠᠭᠠᠨ ᠴᠡᠷᠢᠭ ᠢᠶᠠᠨ ᠤᠳᠤᠷᠢᠳᠤᠨ ᠰᠦᠩ ᠤᠯᠤᠰ ᠢ ᠲᠠᠶᠢᠯᠠᠬᠤ ᠳᠤ ᠲᠡᠷᠡᠪᠡᠷ ᠬᠤᠰᠢᠭᠤᠴᠢᠯᠠᠨ ᠪᠠᠶᠢᠯᠳᠤᠵᠤ ᠶᠡᠭᠡ ᠭᠠᠪᠢᠶ᠎ᠠ ᠪᠠᠶᠢᠭᠤᠯᠪᠠ᠃          ᠲᠣᠯᠤᠢ — ᠴᠢᠩᠭᠢᠰ ᠬᠠᠭᠠᠨ ᠤ ᠣᠳᠬᠠᠨ ᠬᠦᠤ᠂ ᠴᠡᠷᠢᠭ ᠲᠠᠶᠢᠨ ᠢ ᠤᠳᠤᠷᠢᠳᠬᠤ ᠡᠷᠳᠡᠮ ᠤᠬᠠᠭᠠᠨ ᠬᠤᠤᠰᠯᠠᠭᠰᠠᠨ ᠲᠡᠭᠦᠨ ᠢ ᠬᠠᠭᠠᠨ ᠡᠴᠢᠭᠡ ᠨᠢ ᠲᠠᠭᠠᠭᠤᠯᠤᠨ ᠶᠠᠪᠤᠵᠤ ᠣᠯᠠᠨ ᠲᠠᠶᠢᠨ ᠲᠤᠯᠤᠯᠳᠤᠭᠠᠨ ᠳᠤ ᠣᠷᠣᠯᠴᠠᠭᠤᠯᠵᠠᠢ᠃ ᠠᠯᠳᠠᠨ ᠤᠯᠤᠰ ᠢ ᠬᠤᠶᠠᠷ ᠤᠳᠠᠭ᠎ᠠ ᠲᠠᠶᠢᠯᠠᠬᠤ ᠳᠤ ᠴᠡᠷᠢᠭ ᠵᠠᠬᠢᠷᠤᠭᠰᠠᠨ᠃ ᠰᠠᠷᠳᠠᠭᠤᠯ ᠢ ᠲᠠᠶᠢᠯᠠᠬᠤ ᠳᠤ ᠣᠷᠣᠯᠴᠠᠨ ᠪᠠᠭ ᠴᠡᠷᠢᠭ ᠠᠬᠠᠯᠠᠵᠤ᠂ ᠢᠷᠠᠨ᠂ ᠠᠹᠭᠠᠨᠢᠰᠲ᠋ᠠᠨ ᠤ ᠣᠯᠠᠨ ᠬᠤᠳᠠ ᠶᠢ ᠡᠵᠡᠯᠡᠪᠡ᠃ ᠮᠦᠨ ᠲᠠᠩᠭᠤᠳ ᠢ ᠲᠠᠶᠢᠯᠠᠭᠰᠠᠨ᠃ ᠴᠢᠩᠭᠢᠰ ᠢ ᠲᠡᠭᠷᠢ ᠳᠤ ᠣᠳᠣᠭᠰᠠᠨ ᠤ ᠲᠠᠷᠠᠭ᠎ᠠ 1227-1229 ᠣᠨ ᠳᠤ ᠮᠣᠩᠭᠤᠯ ᠤᠨ ᠲᠦᠷᠦ ᠶᠢ ᠬᠠᠮᠢᠶᠠᠷᠴᠤ ᠪᠠᠶᠢᠯ᠎ᠠ᠃ ᠲᠡᠷᠡᠪᠡᠷ ᠬᠠᠷ᠎ᠠ ᠬᠤᠷᠣᠮ ᠠᠴᠠ ᠣᠨᠣᠨ ᠮᠦᠷᠡᠨ ᠬᠦᠷᠳᠡᠯ᠎ᠡ ᠠᠭᠤᠳᠠᠮ ᠨᠤᠳᠤᠭ᠂ 101000 ᠴᠡᠷᠢᠭ ᠢ ᠵᠠᠬᠢᠷᠬᠤ ᠰᠣᠶᠣᠷᠬᠠᠯ ᠬᠦᠷᠳᠡᠵᠠᠢ᠃ ᠲᠤᠯᠤᠢ ᠶᠢᠨ ᠶᠢᠰᠦᠨ ᠬᠦᠤ ᠠᠴᠠ ᠮᠦᠩᠬᠡ᠂ ᠬᠤᠪᠢᠯᠠᠢ ᠬᠤᠵᠢᠮ ᠬᠠᠭᠠᠨ ᠪᠣᠯᠣᠭᠰᠠᠨ ᠲᠡᠦᠬᠡ ᠲᠠᠢ᠃        ᠣᠷᠢᠶᠠᠩᠬᠠᠳᠠᠢ — ᠴᠢᠩᠭᠢᠰ ᠬᠠᠭᠠᠨ ᠤ ᠭᠠᠪᠢᠶᠠᠳᠤ ᠰᠠᠶᠢᠳ᠂ ᠶᠡᠭᠡ ᠵᠠᠩᠵᠤᠨ ᠰᠦᠪᠡᠭᠡᠳᠠᠢ ᠶᠢᠨ ᠬᠦᠤ᠃ ᠬᠤᠵᠢᠮ ᠨᠢ ᠨᠡᠷ᠎ᠡ ᠳᠤ ᠭᠠᠷᠤᠭᠰᠠᠨ ᠠᠯᠳᠠᠷᠳᠤ ᠵᠠᠩᠵᠤᠨ᠃ ᠠᠩᠬ᠎ᠠ ᠴᠢᠩᠭᠢᠰ ᠬᠠᠭᠠᠨ ᠤ ᠬᠡᠰᠢᠭᠳᠡᠨ ᠴᠡᠷᠢᠭ ᠪᠠᠶᠢᠪᠠ᠃ ᠵᠦᠷᠴᠢᠳ᠂ ᠬᠢᠪᠴᠠᠭ᠂ ᠣᠷᠣᠰ᠂ ᠪᠣᠯᠭᠠᠷ᠂ ᠭᠧᠷᠮᠠᠨ ᠵᠡᠷᠭᠡ ᠤᠯᠤᠰ ᠢ ᠪᠠᠳᠤ ᠶᠢ ᠲᠠᠭᠠᠵᠤ ᠲᠠᠶᠢᠯᠠᠷ᠎ᠠ ᠮᠣᠷᠳᠠᠨ ᠡᠵᠡᠯᠡᠵᠤ ᠪᠠᠶᠢᠭᠰᠠᠨ ᠠᠭᠤᠤ ᠵᠠᠩᠵᠤᠨ ᠪᠠᠶᠢᠪᠠ᠃
 
ᠢᠷᠡᠯᠲᠡ᠄ ᠬᠥᠬᠡ ᠡᠭᠦᠯᠡ ᠶᠢᠨ ᠪᠦᠷᠭᠡ ᠠᠴᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号