ᠮᠣᠩᠭᠤᠯ ᠤᠯᠤᠰ ᠤᠨ ᠪᠠᠷᠭᠤᠴᠤᠳ ︵ᠬᠤᠶᠠᠷ︶
ᠨᠡᠶᠢᠲᠡᠯᠡᠭᠰᠡᠨ ᠴᠠᠭ᠄
2022/12/5
                 ᠭᠤᠷᠪᠠᠨ ᠵᠠᠭᠠᠯ ᠰᠤᠮᠤ      ᠮᠣᠩᠭᠤᠯ ᠤᠯᠤᠰ ᠤᠨ ᠳᠣᠷᠣᠨᠠᠲᠤ ᠠᠶᠢᠮᠠᠭ ᠤᠨ ᠭᠤᠷᠪᠠᠨ ᠵᠠᠭᠠᠯ ᠰᠤᠮᠤ ᠶᠢᠨ ᠲᠥᠪ ᠴᠣᠶᠢᠪᠠᠯᠰᠠᠩ ᠬᠤᠲᠠ ᠠᠴᠠ ᠬᠤᠶᠢᠰᠢ 126 ᠺᠢᠯᠤᠮᠧᠲᠷ ᠵᠠᠢ ᠳᠤ ᠪᠠᠶᠢᠳᠠᠭ ᠰᠦᠮ᠎ᠡ ᠶᠢᠨ ᠪᠤᠯᠠᠭ ᠲᠤ ᠪᠣᠢ᠃ ᠲᠤᠰ ᠰᠤᠮᠤ ᠶᠢᠨ ᠨᠤᠲᠤᠭ ᠳᠡᠪᠢᠰᠭᠡᠷ ᠤᠨ ᠲᠠᠯᠠᠪᠠᠢ ᠨᠢ 5251 ᠬᠠᠪᠲᠠᠭᠠᠢ ᠳᠦᠷᠪᠡᠯᠵᠢᠨ ᠺᠢᠯᠤᠮᠧᠲᠷ᠂ 2006 ᠣᠨ ᠤ ᠵᠢᠯ ᠤᠨ ᠡᠴᠦᠰ ᠤᠨ ᠲᠣᠭᠠᠯᠠᠯᠭ᠎ᠠ ᠪᠠᠷ ᠬᠦᠮᠦᠨ ᠠᠮᠠ 1370᠂ ᠡᠭᠦᠨ ᠤ ᠳᠣᠳᠣᠷ᠎ᠠ ᠪᠠᠷᠭᠤ ᠶᠠᠰᠤᠲᠠᠨ 310 ᠪᠠᠶᠢᠪᠠ᠃ ᠪᠦᠬᠦ ᠮᠠᠯ 49076 ᠲᠣᠯᠣᠭᠠᠢ ᠪᠠᠶᠢᠪᠠ᠃      ᠲᠤᠰ ᠰᠣᠮᠣ ᠶᠢᠨ ᠢᠷᠡᠯ ᠡᠭᠦᠰᠦᠯ ᠪᠣᠯ᠂ ᠮᠠᠩᠯᠠᠢ ᠪᠠᠭᠠᠲᠤᠷ ᠵᠠᠮᠰᠦ᠋ᠷᠦᠩ ᠤᠨ ᠳᠠᠮᠳᠢᠨᠰᠦ᠋ᠷᠦᠩ ᠨᠡᠶᠢᠰᠯᠡᠯ ᠬᠦᠷᠢᠶᠡᠨ ᠳᠠᠬᠢ ᠣᠷᠣᠰ ᠤᠨ ᠡᠯᠴᠢᠨ ᠰᠠᠶᠢᠳ ᠤᠨ ᠶᠠᠮᠤᠨ ᠢᠶᠠᠷ ᠳᠠᠮᠵᠢᠭᠤᠯᠤᠨ ᠭᠡᠷ ᠪᠦᠯᠢ ᠪᠠᠨ ᠮᠣᠩᠭᠤᠯ ᠤᠯᠤᠰ ᠲᠤ ᠠᠪᠴᠢᠷᠠᠬᠤ ᠵᠦᠪᠰᠢᠶᠡᠷᠡᠯ ᠠᠪᠴᠤ᠂ 1917 ᠣᠨ ᠤ ᠬᠠᠪᠤᠷ ᠡᠮᠡᠭᠡ ᠡᠬᠡ ᠳᠤᠯᠮ᠎ᠠ᠂ ᠡᠬᠡᠨᠡᠷ ᠪᠦᠳᠡᠳ᠂ ᠶᠡᠭᠡ ᠬᠦᠦ ᠲᠣᠯᠣᠰᠤᠨ ︵ᠨᠠᠴᠢᠨ︶᠂ ᠬᠤᠶᠠᠳᠤᠭᠠᠷ ᠬᠦᠦ ᠲᠠᠮᠫᠢᠯ᠂ ᠪᠠᠭ᠎ᠠ ᠬᠦᠦ ᠤᠷᠲᠤᠨᠠᠰᠤᠨ᠂ ᠠᠬ᠎ᠠ ᠱᠠᠭᠳᠠᠷᠵᠠ᠂ ᠲᠡᠭᠦᠨ ᠤ ᠬᠦᠪᠡᠭᠦᠨ ᠨᠠᠮᠵᠢᠯᠳᠣᠷᠵᠢ᠂ ᠳᠦᠷᠪᠡᠳᠦᠭᠡᠷ ᠬᠦᠪᠡᠭᠦᠨ ᠪᠠᠲᠤᠴᠡᠩᠭᠡᠯ᠂ ᠳᠠᠮᠳᠢᠨᠰᠦ᠋ᠷᠦᠩ ᠤᠨ ᠳᠡᠭᠦᠦ ᠯᠠᠮᠠ ᠯᠣᠪᠰᠠᠩᠪᠠᠯᠳᠠᠨ ᠪᠣᠯᠣᠨ ᠯᠣᠪᠰᠠᠩᠳᠠᠭᠪᠠ᠂ ᠦᠶᠡᠯᠢ ᠠᠬ᠎ᠠ ᠰᠠᠷᠠᠶᠢᠨᠢᠩ᠂ ᠲᠡᠭᠦᠨ ᠤ ᠬᠦᠪᠡᠭᠦᠨ ᠭᠧᠯᠡᠭᠭᠦᠩᠵᠢ ᠪᠣᠯᠣᠨ ᠳᠠᠷᠬᠢᠵᠠᠪ ᠵᠡᠷᠭᠡ 16 ᠬᠦᠮᠦᠨ ᠢ ᠮᠣᠩᠭᠤᠯ ᠤᠯᠤᠰ ᠲᠤ ᠨᠡᠭᠦᠯᠭᠡᠨ ᠠᠪᠴᠢᠷᠠᠵᠠᠢ᠃      ᠪᠣᠭᠳᠠ ᠬᠠᠭᠠᠨ ᠤ ᠵᠠᠰᠠᠭ ᠤᠨ ᠭᠠᠵᠠᠷ ᠠᠴᠠ ᠮᠠᠩᠯᠠᠢ ᠪᠠᠭᠠᠲᠤᠷ ᠳᠠᠮᠳᠢᠨᠰᠦ᠋ᠷᠦᠩ ᠤᠨ ᠬᠦᠰᠡᠯᠲᠡ ᠶᠢ ᠦᠨᠳᠦᠰᠦ ᠪᠣᠯᠭᠠᠨ ᠰᠡᠴᠡᠨ ᠬᠠᠨ ᠠᠶᠢᠮᠠᠭ ᠤᠨ ᠠᠴᠢᠲᠤ ᠪᠡᠶᠢᠰᠡ ᠶᠢᠨ ᠵᠡᠭᠦᠨ ᠬᠤᠶᠢᠳᠤ ᠨᠤᠲᠤᠭ ᠪᠣᠯᠣᠨ ᠲᠠᠪᠤᠨ ᠬᠠᠷᠠᠭᠤᠯ ᠢ ᠲᠡᠭᠦᠨ ᠳᠤ ᠣᠯᠭᠤᠭᠰᠠᠨ ᠠᠴᠠ 1917 ᠣᠨ ᠳᠤ ᠬᠦᠯᠦᠨ ᠪᠣᠶᠢᠷ ᠠᠴᠠ ᠨᠡᠭᠦᠵᠦ ᠢᠷᠡᠭᠰᠡᠨ ᠵ᠊ · ᠳᠠᠮᠳᠢᠨᠰᠦ᠋ᠷᠦᠩ ᠤᠨ ᠭᠡᠷ ᠪᠦᠯᠢ᠂ ᠲᠦᠷᠦᠯ ᠰᠠᠳᠤᠨ ᠪᠣᠯᠣᠨ ᠲᠤᠰ ᠵᠢᠯ ᠬᠦᠯᠦᠨ ᠪᠣᠶᠢᠷ ᠠᠴᠠ ᠨᠡᠭᠦᠳᠡᠯᠯᠡᠨ ᠢᠷᠡᠭᠰᠡᠨ ︽ᠮᠣᠭᠠᠢ ᠵᠢᠯ ᠤᠨ ᠳᠦᠷᠪᠡᠯᠭᠡ︾ ᠶᠢᠨ ᠬᠡᠰᠡᠭ ᠪᠠᠷᠭᠤ ᠠᠶᠢᠯ ᠤᠳ᠂ ᠲᠡᠷᠡᠴᠢᠯᠡᠨ ᠵ᠊ · ᠳᠠᠮᠳᠢᠨᠰᠦ᠋ᠷᠦᠩ ᠤᠨ ᠴᠡᠷᠢᠭ ᠲᠤ ᠪᠠᠶᠢᠭᠰᠠᠨ ᠴᠠᠬᠠᠷ ᠵᠡᠷᠭᠡ ᠦᠪᠦᠷᠯᠡᠭᠴᠢ 100 ᠭᠠᠷᠤᠢ ᠬᠦᠮᠦᠰ ᠢᠶᠠᠷ ᠪᠦᠷᠢᠯᠳᠦᠭᠰᠡᠨ ᠬᠤᠰᠢᠭᠤ ᠪᠠᠶᠢᠭᠤᠯᠵᠠᠢ᠃      ᠵ᠊ · ᠳᠠᠮᠳᠢᠨᠰᠦ᠋ᠷᠦᠩ 1917 ᠣᠨ ᠤ ᠵᠤᠨ ᠤ ᠰᠡᠭᠦᠯ ᠰᠠᠷ᠎ᠠ ᠳᠤ ᠴᠣᠯᠠ ᠬᠡᠷᠬᠡᠮ ᠵᠡᠷᠭᠡ ᠪᠠᠨ ᠠᠬᠠᠮᠠᠳ ᠬᠦᠪᠡᠭᠦᠨ ᠲᠣᠯᠣᠰᠤᠨ ᠨᠠᠴᠢᠨ︾ ᠳᠤ ᠵᠠᠯᠭᠠᠮᠵᠢᠯᠠᠭᠤᠯᠵᠤ ᠬᠤᠰᠢᠭᠤ ᠪᠠᠨ ᠵᠠᠬᠢᠷᠣᠭᠤᠯᠵᠠᠢ᠃ ᠲᠤᠬᠠᠢ ᠶᠢᠨ ᠦᠶ᠎ᠡ ᠳᠤ ᠡᠨᠡ ᠬᠤᠰᠢᠭᠤ ᠶᠢ ︽ᠮᠠᠩᠯᠠᠢ ᠸᠠᠩ ᠲᠣᠯᠣᠰᠤᠨ ᠤ ᠬᠤᠰᠢᠭᠤ︾ ᠭᠡᠵᠦ ᠲᠡᠮᠳᠡᠭᠯᠡᠵᠦ ᠪᠠᠶᠢᠵᠠᠢ᠃       ᠲᠣᠰ ᠬᠤᠰᠢᠭᠤ 1922 ᠣᠨ ᠳᠤ ᠪᠠᠷᠭᠤ ᠡᠷᠦᠬᠡ 63 ᠪᠠᠶᠢᠵᠦ᠂ ᠬᠦᠢᠴᠡᠯᠢᠭ᠂ ᠤᠯᠢᠶᠠᠳ᠂ ᠰᠢᠷᠠᠶᠢᠳ ᠂ ᠲᠡᠮᠦᠷᠴᠢᠨ᠂ ᠬᠤᠶᠢᠳᠤᠳ᠂ ᠦᠵᠦᠨ᠂ ᠭᠤᠴᠢᠳ ᠵᠡᠷᠭᠡ ᠣᠪᠣᠭ ᠨᠦᠭᠦᠳ ᠪᠠᠶᠢᠪᠠ᠃ ᠡᠭᠦᠨ ᠠᠴᠠ ᠭᠠᠳᠠᠨ᠎ᠠ ᠬᠠᠯᠬ᠎ᠠ᠂ ᠴᠠᠬᠠᠷ᠂ ᠰᠤᠯᠤᠨ ᠵᠡᠷᠭᠡ ᠡᠷᠦᠬᠡ ᠨᠦᠭᠦᠳ ᠪᠠᠶᠢᠵᠦ᠂ ᠪᠦᠭᠦᠳᠡ 126 ᠡᠷᠦᠬᠡ ᠪᠣᠯᠵᠠᠢ᠃      ᠲᠤᠰ ᠬᠤᠰᠢᠭᠤ ᠶᠢ 1923 - 1926 ᠣᠨ ᠳᠤ ᠬᠠᠨ ᠬᠡᠨᠳᠡᠢ ᠠᠶᠢᠮᠠᠭ ᠤᠨ ᠠᠮᠤᠭᠤᠯᠠᠩ ᠬᠠᠨ ᠠᠭᠤᠯᠠ ᠶᠢᠨ ᠬᠤᠰᠢᠭᠤ ᠭᠡᠵᠦ ᠵᠠᠬᠢᠷᠣᠭᠴᠢ ᠨᠢ ᠲᠣᠯᠣᠰᠤᠨ ᠪᠠᠶᠢᠪᠠ᠃ ᠲᠤᠰ ᠬᠤᠰᠢᠭᠤ ᠶᠢ 1927 ᠣᠨ ᠳᠤ ᠮᠦᠨ ᠠᠶᠢᠮᠠᠭ ᠤᠨ ᠣᠯᠵᠠ ᠭᠤᠣᠯ ᠤᠨ ᠪᠤᠷᠢᠶᠠᠳ ᠬᠤᠰᠢᠭᠤ ᠲᠠᠢ ᠨᠡᠶᠢᠯᠡᠭᠦᠯᠵᠡᠢ᠃ 1931 ᠣᠨ ᠳᠤ ᠣᠯᠵᠠ ᠭᠤᠣᠯ ᠤᠨ ᠬᠤᠰᠢᠭᠤ ᠶᠢ ᠦᠭᠡᠶᠢᠰᠭᠡᠵᠦ᠂ ᠰᠤᠮᠤ ᠨᠤᠭᠤᠳ ᠨᠢ ᠠᠶᠢᠮᠠᠭ ᠲᠤ ᠰᠢᠭᠤᠳ ᠬᠠᠷᠢᠶᠠᠯᠠᠭᠳᠠᠬᠤ ᠪᠣᠯᠵᠤ᠂ ᠲᠣᠯᠣᠰᠤᠨ ᠤ ᠬᠤᠰᠢᠭᠤ ᠭᠠᠵᠠᠷ ᠣᠷᠣᠨ ᠤ ᠪᠠᠨ ᠨᠡᠷ᠎ᠡ ᠪᠠᠷ ᠭᠤᠷᠪᠠᠨ ᠵᠠᠭᠠᠯ ᠰᠤᠮᠤ ᠭᠡᠵᠦ ᠨᠡᠷᠡᠯᠡᠭᠳᠡᠵᠡᠢ᠃ 1942 ᠣᠨ ᠳᠤ ᠵᠠᠷᠢᠮ ᠰᠣᠮᠣᠨ ᠤ ᠵᠣᠬᠢᠶᠠᠨ ᠪᠠᠶᠢᠭᠤᠯᠣᠯᠳᠠ ᠶᠢ ᠴᠡᠭᠴᠡᠯᠡᠵᠦ᠂ ᠸᠴᠢᠷᠪᠠᠶᠠᠠᠮᠦ᠋ᠩᠬᠡ ᠰᠣᠮᠣ ᠶᠢᠨ 6 ᠪᠠᠭ ᠢ ᠲᠤᠰ ᠰᠣᠮᠣᠨ ᠳᠤ ᠨᠡᠶᠢᠯᠡᠭᠦᠯᠦᠭᠡᠳ 10 ᠪᠠᠭ ᠲᠠᠢ ᠰᠣᠮᠣ ᠪᠣᠯᠵᠤ᠂ ᠴᠠᠭᠠᠨ ᠬᠤᠰᠢᠭᠤ ᠵᠡᠷᠭᠡ ᠭᠠᠵᠠᠷ ᠢᠶᠠᠷ 1943 ᠣᠨ ᠪᠣᠯᠲᠠᠯ᠎ᠠ ᠨᠡᠭᠦᠳᠡᠯ ᠢᠶᠠᠷ ᠲᠥᠪᠯᠡᠪᠡ᠃ 1946 ᠣᠨ ᠳᠤ 40 ᠦᠬᠡᠷ ᠲᠡᠷᠭᠡ ᠪᠠᠷ ᠨᠡᠭᠦᠵᠦ ᠶᠠᠪᠤᠭᠠᠳ ᠡᠬᠢᠨ ᠤ ᠲᠡᠷᠭᠡᠨ ᠤ ᠪᠣᠢ ᠲᠠᠰᠤᠷᠠᠵᠤ ᠨᠡᠭᠦᠳᠡᠯ ᠰᠠᠭᠠᠲᠠᠭᠰᠠᠨ ᠠᠴᠠ ︽ᠭᠠᠵᠠᠷ ᠢᠶᠠᠨ ᠣᠯᠣᠯ᠎ᠠ︾ ᠭᠡᠯᠴᠡᠭᠡᠳ ᠰᠦᠮ᠎ᠡ ᠶᠢᠨ ᠨᠠᠭᠤᠷ ᠤᠨ ᠵᠡᠭᠦᠨ ᠳᠡᠨᠵᠢᠨ ᠳᠤ ᠲᠥᠪ ᠢᠶᠠᠨ ᠪᠠᠶᠢᠭᠤᠯᠵᠠᠢ᠃      1950 ᠣᠨ ᠳᠤ ᠲᠤᠰ ᠰᠣᠮᠣ ᠶᠢ ᠬᠠᠰᠤᠵᠤ᠂ ᠴᠣᠶᠢᠪᠠᠯᠰᠠᠩ ᠰᠣᠮᠣ ᠲᠠᠢ ᠨᠡᠶᠢᠯᠡᠭᠦᠯᠪᠡ᠃ 1959 ᠣᠨ ᠤ 8 ᠰᠠᠷ᠎ᠠ ᠶᠢᠨ 5 ᠤ ᠡᠳᠦᠷ ᠠᠶᠢᠮᠠᠭ ᠤᠨ ᠶᠡᠭᠡ ᠬᠤᠷᠠᠯ ᠤᠨ ᠲᠡᠷᠢᠭᠦᠯᠡᠭᠴᠢᠳ ᠤᠨ ᠵᠠᠷᠯᠢᠭ ᠢᠶᠠᠷ ᠭᠤᠷᠪᠠᠨ ᠵᠠᠭᠠᠯ ᠰᠣᠮᠣ ᠶᠢ ᠰᠡᠷᠭᠦᠭᠡᠨ ᠪᠠᠶᠢᠭᠤᠯᠵᠤ᠂ 4 ᠪᠠᠷᠢᠭᠠᠳᠠ ᠲᠠᠢ 4000 ᠮᠠᠯ ᠲᠠᠢ᠂ ︽ᠭᠤᠴᠢᠨ ᠵᠢᠯ︾ ᠨᠢᠭᠡᠳᠦᠯ ᠢ ᠪᠠᠶᠢᠭᠤᠯᠪᠠ᠃
 
ᠢᠷᠡᠯᠲᠡ᠄ ᠬᠦᠯᠦᠨ ᠪᠣᠶᠢᠷ ᠤᠨ ᠡᠳᠦᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号