ᠴᠣ · ᠳᠤᠭᠠᠷᠵᠠᠪ | | | ︽ᠮᠣᠩᠭᠤᠯ ᠤᠯᠤᠰ ᠤᠨ 18 ᠠᠶᠢᠮᠠᠭ᠂ ᠬᠤᠲᠠ ᠨᠤᠭᠤᠳ ᠲᠤ ᠪᠠᠷᠭᠤ ᠮᠣᠩᠭᠤᠯᠴᠤᠳ ᠠᠵᠤ ᠲᠥᠷᠦᠳᠡᠭ | ᠭᠡᠪᠡᠯ ᠭᠠᠳᠠᠭᠠᠳᠤ ᠶᠢᠨ ᠬᠦᠮᠦᠨ ᠢᠲᠡᠭᠡᠬᠦ ᠪᠠᠶᠢᠬ᠎ᠠ᠃ ᠬᠠᠷᠢᠨ ᠮᠣᠩᠭᠤᠯᠴᠤᠳ ᠦᠪᠡᠷᠰᠡᠳ ᠢᠶᠠᠨ ᠢᠲᠡᠭᠡᠬᠦ ᠦᠭᠡᠢ᠃ | ︿ᠪᠠᠷᠭᠤᠴᠤᠳ ᠲᠡᠶᠢᠮᠦ ᠣᠯᠠᠨ ᠭᠡᠵᠦ ᠦᠦ︖﹀ ᠭᠡᠮᠡᠨ ᠮᠦᠷᠦ ᠪᠠᠨ ᠬᠠᠪᠴᠢᠭᠠᠨᠠᠭᠤᠯᠤᠨ ᠭᠠᠶᠢᠬᠠᠬᠤ ᠬᠠᠯᠬᠠᠴᠤᠳ | ᠵᠦᠩᠳᠡᠭᠡᠨ ᠪᠣᠢ︾ ᠭᠡᠰᠡᠨ ᠲᠡᠮᠳᠡᠭᠯᠡᠯ ᠪᠣᠯ ᠦᠨᠡᠨ ᠶᠤᠮ᠃ | ᠬᠤᠷᠢᠨ ᠨᠢᠭᠡᠳᠦᠭᠡᠷ ᠵᠠᠭᠤᠨ ᠤ ᠡᠬᠢᠨ ᠳᠤ ᠮᠣᠩᠭᠤᠯ ᠤᠯᠤᠰ ᠬᠦᠮᠦᠨ ᠠᠮᠠ ᠪᠣᠯᠣᠨ ᠶᠠᠰᠤᠲᠠᠨ ᠢ | ᠪᠦᠷᠢᠳᠬᠡᠬᠦ ᠳᠤ ᠪᠠᠷᠭᠤ ᠶᠠᠰᠤᠲᠠᠨ ᠰᠠᠶ᠋ᠢ 2000 ᠭᠠᠷᠤᠢ ᠯᠡ ᠪᠠᠶᠢᠭᠰᠠᠨ ᠶᠤᠮ᠃ ᠡᠨᠡ ᠬᠦ ᠪᠦᠷᠢᠳᠭᠡᠯ ᠤᠨ ᠲᠤᠭ᠎ᠠ | ᠦᠨᠡᠨ ᠪᠠᠶᠢᠳᠠᠯ ᠲᠠᠢ ᠦᠯᠦ ᠨᠡᠶᠢᠴᠡᠨ᠎ᠡ ᠭᠡᠳᠡᠭ ᠨᠢ ᠶᠠᠮᠠᠷ ᠴᠤ ᠮᠠᠷᠭᠤᠭᠠᠨ ᠦᠬᠡᠢ ᠪᠢᠯᠡ᠃ ᠡᠶᠢᠮᠦ ᠠᠴᠠ ᠮᠣᠩᠭᠤᠯ | ᠤᠯᠤᠰ ᠤᠨ ᠪᠠᠷᠭᠤ ᠶᠠᠰᠤᠲᠠᠨ ᠢ ᠰᠣᠳᠤᠯᠬᠤ ᠳᠤ ᠡᠨᠡ ᠲᠤᠭ᠎ᠠ ᠪᠠᠷ ᠦᠨᠳᠦᠰᠦᠯᠡᠯ ᠪᠣᠯᠭᠠᠬᠤ ᠦᠭᠡᠢ ᠶᠤᠮ᠃ | ︽ᠣᠳᠣ ᠶᠢᠨ ᠮᠣᠩᠭᠤᠯ ᠤᠯᠤᠰ ᠤᠨ ᠳᠣᠷᠣᠨᠠᠲᠤ ᠠᠶᠢᠮᠠᠭ᠂ ᠭᠤᠪᠢ ᠰᠦᠮᠪᠦᠷ ᠠᠶᠢᠮᠠᠭ᠂ ᠳᠣᠷᠤᠨᠠᠭᠤᠪᠢ | ᠠᠶᠢᠮᠠᠭ ᠤᠨ ᠳᠠᠯᠠᠨᠵᠢᠷᠭᠠᠯᠠᠩ᠂ ᠠᠶᠢᠷᠠᠭ᠂ ᠶᠡᠭᠡ ᠬᠡᠲᠡ᠂ ᠠᠯᠳᠠᠨᠰᠢᠷᠡᠭᠡ᠂ ᠳᠤᠮᠳᠠᠭᠤᠪᠢ ᠠᠶᠢᠮᠠᠭ ᠤᠨ ᠦᠯᠵᠡᠶᠢᠲᠦ᠂ | ᠭᠤᠷᠪᠠᠨᠰᠠᠶᠢᠬᠠᠨ᠂ ᠲᠠᠷᠠᠩ᠂ ᠰᠠᠶᠢᠨᠴᠠᠭᠠᠨ᠂ ᠯᠤᠤᠰ᠂ ᠳᠡᠯᠭᠡᠷᠬᠠᠩᠭᠠᠢ᠂ ᠰᠠᠶᠢᠬᠠᠨ ᠣᠪᠣᠭ᠎ᠠ᠂ ᠡᠷᠳᠡᠨᠢᠳᠠᠯᠠᠢ᠂ | ᠬᠤᠯᠲᠠ᠂ ᠳᠣᠷᠣᠨᠠᠲᠤ ᠠᠶᠢᠮᠠᠭ ᠤᠨ ᠴᠢᠯᠠᠭᠤᠨ ᠬᠤᠷᠣᠭᠠᠲᠤ᠂ ᠰᠡᠷᠭᠦᠯᠡᠩ᠂ ᠪᠠᠶᠠᠨᠵᠢᠷᠭᠠᠯᠠᠩ᠂ ᠪᠦᠷᠢᠨ᠂ | ᠡᠷᠳᠡᠨᠢᠰᠡᠩᠳᠦ᠂ ᠤᠪᠰᠤ ᠠᠶᠢᠮᠠᠭ ᠤᠨ ᠳᠠᠪᠤᠰᠤᠲᠤ᠂ ᠪᠦᠬᠡᠮᠦ᠋ᠷᠡᠨ᠂ ᠲᠦᠷᠬᠡᠨ᠂ ᠤᠯᠠᠭᠠᠠᠭᠤᠮ᠂ ᠨᠠᠷᠠᠨᠪᠤᠯᠠᠭ᠂ | ᠴᠡᠴᠡᠭ᠂ ᠪᠤᠯᠠᠭᠠᠨ᠂ ᠬᠦᠪᠰᠦᠭᠦᠯ ᠠᠶᠢᠮᠠᠭ ᠤᠨ ᠰᠢᠨ᠎ᠡ ᠢᠳᠡᠷ᠂ ᠭᠠᠯᠳᠤ᠂ ᠵᠢᠷᠭᠠᠯᠠᠩ᠂ ᠬᠡᠨᠳᠡᠢ ᠠᠶᠢᠮᠠᠭ ᠤᠨ | ᠪᠠᠶᠠᠠᠬᠤᠳᠳᠤᠭ᠂ ᠮᠦᠷᠡᠨ᠂ ᠳᠡᠯᠭᠡᠷᠬᠠᠨ᠂ ᠪᠠᠶᠠᠠᠮᠦ᠋ᠩᠬᠡ᠂ ᠳᠠᠷᠬᠠᠨ᠂ ᠰᠦᠬᠡᠪᠠᠭᠠᠳᠤᠷ ᠠᠶᠢᠮᠠᠭ ᠤᠨ ᠲᠦᠮᠡᠨᠴᠣᠭᠲᠤ | ᠂ ᠰᠦᠬᠡᠪᠠᠭᠠᠲᠤᠷ᠂ ᠲᠦᠪᠰᠢᠠᠰᠢᠷᠡᠭᠡ᠂ ᠠᠭᠤᠯᠠ ᠪᠠᠶᠠᠨ ᠰᠣᠮᠣᠨ ᠳᠤ ᠪᠠᠷᠭᠤ᠂ ᠪᠠᠷᠭᠤᠳ᠂ ᠪᠠᠷᠭᠤᠮᠤᠳ ᠣᠪᠣᠭ᠂ | ᠬᠡᠨᠳᠡᠢ ᠠᠶᠢᠮᠠᠭ ᠤᠨ ᠡᠮᠦᠨᠡᠳᠡᠯᠭᠡᠷ᠂ ᠳᠠᠲᠠᠯ ᠰᠣᠮᠣᠨ ᠳᠤ ᠪᠠᠷᠭᠤᠵᠢᠨ ᠣᠪᠣᠭ᠃ ᠭᠤᠪᠢ - ᠠᠯᠳᠠᠢ ᠠᠶᠢᠮᠠᠭ ᠤᠨ | ᠴᠢᠨᠳᠠᠮᠤᠨᠢ ᠰᠣᠮᠣᠨ ᠳᠤ ᠪᠠᠷᠭᠤ᠂ ᠳᠠᠷᠬᠠᠨ ᠣᠪᠣᠭ᠃ ᠳᠣᠷᠣᠨᠠᠲᠤ ᠠᠶᠢᠮᠠᠭ ᠤᠨ ᠴᠠᠭᠠᠨ ᠣᠪᠣᠭ᠎ᠠ ᠰᠣᠮᠣᠨ ᠳᠤ | ᠳᠠᠭᠤᠷ ᠪᠠᠷᠭᠤ ᠣᠪᠣᠭ᠃ ᠵᠠᠪᠬᠠᠨ ᠠᠶᠢᠮᠠᠭ ᠤᠨ ᠲᠣᠰᠣᠠᠴᠡᠩᠭᠡᠯ᠂ ᠨᠥᠮᠦᠷᠭᠡ᠂ ᠳᠣᠷᠣᠨᠠᠲᠤ ᠠᠶᠢᠮᠠᠭ ᠤᠨ ᠬᠠᠯᠬ᠎ᠠ | ᠭᠤᠣᠯ᠂ ᠴᠠᠭᠠᠨ ᠣᠪᠣᠭ᠎ᠠ ᠰᠣᠮᠣᠨ ᠳᠤ ᠴᠢᠪᠴᠢᠨ ᠪᠠᠷᠭᠤ ᠣᠪᠣᠭ᠃ ᠳᠣᠷᠣᠨᠠᠲᠤ ᠠᠶᠢᠮᠠᠭ ᠤᠨ ᠴᠠᠭᠠᠨ ᠣᠪᠣᠭ᠎ᠠ | ᠰᠣᠮᠣᠨ ᠳᠤ ᠰᠣᠯᠣᠨ ᠪᠠᠷᠭᠤ ᠣᠪᠣᠭ ᠪᠠᠶᠢᠭ᠎ᠠ ᠨᠢ ᠪᠦᠷᠢᠳᠭᠡᠭᠳᠡᠭᠰᠡᠨ ᠪᠠᠶᠢᠨ᠎ᠠ᠃ | ᠵᠠᠪᠬᠠᠨ ᠠᠶᠢᠮᠠᠭ ᠤᠨ ᠰᠠᠩᠲᠤ ᠮᠠᠷᠭᠠᠴᠠ ᠰᠣᠮᠣᠨ ᠳᠤ ᠬᠡᠰᠡᠭ ᠪᠠᠷᠭᠤ ᠰᠠᠭᠤᠳᠠᠭ᠃ ᠤᠷᠢᠳᠤ ᠲᠡᠳᠡᠨ ᠢ | ᠵᠠᠰᠠᠭᠲᠤ ᠬᠠᠨ ᠰᠡᠴᠡᠨ ᠰᠠᠷᠲᠠᠭᠤᠯ ᠤᠨ ᠬᠤᠰᠢᠭᠤᠨ ᠤ ᠪᠠᠷᠭᠤ ᠨᠤᠲᠤᠭ ᠬᠡᠮᠡᠳᠡᠭ ᠪᠠᠶᠢᠵᠠᠢ᠃ ᠠᠮᠠᠨ ᠳᠣᠮᠤᠭ ᠢᠶᠠᠷ | ᠪᠣᠯ ᠲᠡᠳᠡ ᠡᠷᠲᠡ ᠴᠠᠭ ᠲᠤ ᠬᠦᠯᠦᠨ᠂ ᠪᠣᠶᠢᠷ ᠨᠠᠭᠤᠷ ᠤᠨ ᠡᠷᠭᠢ ᠬᠠᠪᠢ ᠠᠴᠠ ᠴᠡᠷᠢᠭ ᠳᠠᠶᠢᠨ ᠤ ᠬᠥᠯ ᠢᠶᠠᠷ | ᠲᠡᠨᠳᠡ ᠬᠦᠷᠴᠦ ᠰᠠᠭᠤᠷᠢᠰᠢᠭᠰᠠᠨ ᠭᠡᠨ᠎ᠡ︾ ᠭᠡᠰᠡᠨ ᠲᠡᠮᠳᠡᠭᠯᠡᠯ ᠪᠣᠢ᠃ | ᠶᠡᠷᠦ ᠨᠢ ᠮᠣᠩᠭᠤᠯ ᠤᠯᠤᠰ ᠤᠨ ᠣᠯᠠᠨ ᠠᠶᠢᠮᠠᠭ᠂ ᠬᠤᠲᠠ ᠳᠤ ᠪᠠᠷᠭᠤ ᠰᠤᠮᠤ ᠪᠣᠢ ᠭᠡᠰᠡᠨ ᠲᠡᠮᠳᠡᠭᠯᠡᠯ ᠤᠳ | ᠪᠠᠶᠢᠳᠠᠭ᠃ ᠭᠡᠲᠡᠯ᠎ᠡ ᠮᠣᠩᠭᠤᠯ ᠤᠯᠤᠰ ᠤᠨ ᠣᠷᠴᠢᠮ ᠤᠨ ᠬᠦᠮᠦᠨ ᠠᠮᠠ ᠶᠢᠨ ᠲᠣᠭᠠᠯᠠᠯᠭ᠎ᠠ ᠳᠤ ᠪᠠᠷᠭᠤ ᠶᠠᠰᠤᠲᠠᠨ ᠤ | ᠬᠦᠮᠦᠨ ᠠᠮᠠ ᠶᠢ ᠵᠦᠪᠬᠡᠨ 2000 ᠭᠡᠵᠦ ᠲᠡᠮᠳᠡᠭᠯᠡᠭᠰᠡᠨ ᠪᠠᠶᠢᠳᠠᠭ᠃ ᠴᠢᠩᠭᠢᠪᠡᠯ ᠶᠠᠭᠠᠬᠢᠭᠠᠳ ᠡᠶᠢᠮᠦᠷᠬᠦ | ᠬᠠᠷᠢᠴᠠᠯᠠᠰᠢ ᠦᠭᠡᠢ ᠪᠠᠭ᠎ᠠ ᠲᠤᠭ᠎ᠠ ᠭᠠᠷᠤᠭᠰᠠᠨ ᠪᠣᠢ︖ ᠭᠡᠪᠡᠯ ᠮᠢᠨᠤ ᠦᠵᠡᠬᠦ ᠪᠠᠷ ᠬᠤᠶᠠᠷ ᠵᠦᠢᠯ ᠤᠨ ᠰᠢᠯᠲᠠᠭᠠᠨ | ᠪᠣᠢ᠃ ᠨᠢᠭᠡ ᠨᠢ᠂ ᠮᠣᠩᠭᠤᠯ ᠤᠯᠤᠰ ᠤᠨ ᠶᠡᠭᠡ ᠬᠡᠯᠮᠡᠭᠳᠡᠯ ᠤᠨ ᠦᠶ᠎ᠡ ᠳᠤ ᠵᠦᠪᠯᠡᠯᠲᠦ ᠬᠤᠯᠪᠣᠭᠠᠲᠤ ᠤᠯᠤᠰ ᠤᠨ | ᠦᠭᠡ ᠶᠢ ᠰᠣᠨᠣᠰᠬᠤ ᠦᠬᠡᠢ ᠬᠦᠮᠦᠨ ᠪᠦᠬᠦᠨ ᠬᠠᠷᠠᠰᠠᠯᠲᠠᠢ ᠪᠠᠷ ᠳᠠᠷᠤᠩᠭᠤᠶᠢᠯᠠᠭᠳᠠᠭᠰᠠᠨ ᠤ ᠬᠠᠮᠲᠤ᠂ ᠬᠠᠯᠬ᠎ᠠ | ᠶᠠᠰᠤᠲᠠᠨ ᠪᠤᠰᠤ ᠶᠠᠰᠤᠲᠠᠨ ᠤ ᠬᠦᠮᠦᠰ ᠴᠦ ᠰᠦᠢᠷᠡᠯᠲᠡ ᠶᠢᠨ ᠴᠢᠨᠠᠷᠲᠠᠢ ᠬᠦᠨᠦᠭᠡᠯ ᠳᠤ ᠤᠴᠠᠷᠠᠭᠰᠠᠨ ᠪᠢᠯᠡ᠃ | ᠡᠭᠦᠨ ᠳᠤ ᠪᠠᠷᠭᠤ᠂ ᠪᠣᠷᠢᠶᠠᠳ ᠶᠠᠰᠤᠲᠠᠨ ᠤ ᠬᠦᠮᠦᠰ ᠬᠠᠮᠤᠭ ᠠᠴᠠ ᠬᠦᠨᠳᠦ ᠳᠠᠭᠠᠷᠢᠭᠳᠠᠭᠰᠠᠨ ᠪᠣᠯᠬᠤᠷ | ᠲᠣᠬᠠᠢ ᠶᠢᠨ ᠦᠶ᠎ᠡ ᠳᠤ ᠠᠮᠢ ᠪᠡᠶ᠎ᠡ ᠪᠠᠨ ᠬᠠᠮᠠᠭᠠᠯᠠᠬᠤ ᠡᠭᠦᠳᠡᠨ ᠠᠴᠠ ᠨᠡᠯᠢᠶᠡᠳ ᠣᠯᠠᠨ ᠪᠠᠷᠭᠤ ᠬᠦᠮᠦᠨ ᠦᠪᠡᠷ ᠤᠨ | ᠶᠠᠰᠤᠲᠠᠨ ᠢᠶᠠᠨ ᠨᠢᠭᠤᠵᠦ ᠬᠠᠯᠬ᠎ᠠ ᠶᠠᠰᠤᠲᠠᠨ ᠬᠡᠮᠡᠨ ᠦᠭᠡᠷᠡᠴᠢᠯᠡᠭᠰᠡᠨ ᠶᠤᠮ᠃ ᠨᠦᠭᠦᠭᠡ ᠨᠢ ᠣᠨ ᠵᠢᠯ ᠤᠨ | ᠤᠯᠠᠷᠢᠬᠤ ᠶᠢ ᠳᠠᠭᠠᠭᠠᠳ ᠶᠠᠰᠤᠲᠠᠨ ᠢᠶᠠᠨ ᠨᠢᠭᠤᠭᠰᠠᠨ ᠪᠠᠷᠭᠤᠴᠣᠳ ᠤᠨ ᠬᠤᠶᠢᠴᠢᠰ ᠨᠢ ᠪᠢ ᠪᠣᠯ ᠪᠠᠷᠭᠤ ᠬᠦᠮᠦᠨ | ᠭᠡᠳᠡᠭ ᠢᠶᠠᠨ ᠮᠡᠳᠡᠬᠦ ᠪᠠᠨ ᠪᠣᠯᠢᠭᠰᠠᠨ ᠶᠤᠮ᠃ | ᠪᠢᠳᠡ ᠡᠭᠦᠨ ᠠᠴᠠ ᠬᠤᠶᠢᠰᠢ ᠮᠣᠩᠭᠤᠯ ᠤᠯᠤᠰ ᠤᠨ ᠪᠠᠷᠭᠤ ᠶᠠᠰᠤᠲᠠᠨ ᠢ ᠤᠶᠢᠯᠠᠭᠠᠵᠦ ᠰᠣᠳᠤᠯᠬᠤ ᠳᠠᠭᠠᠨ | ᠶᠡᠭᠡ ᠬᠡᠯᠮᠡᠭᠳᠡᠯ ᠤᠨ ᠶᠡᠭᠡ ᠬᠢᠯᠢᠰ ᠢ ᠲᠤᠶᠢᠯᠪᠤᠷᠢᠲᠠᠢ ᠦᠭᠡᠶᠢᠰᠭᠡᠵᠦ᠂ ᠲᠡᠦᠬᠡᠨ ᠦᠨᠡᠨ ᠢ ᠨᠢ ᠰᠡᠷᠭᠦᠭᠡᠵᠦ ᠥᠭᠬᠦ ᠶᠢ | ᠮᠠᠷᠲᠠᠵᠤ ᠪᠣᠯᠬᠤ ᠦᠬᠡᠢ ᠶᠤᠮ᠃ | ᠳᠣᠣᠷ᠎ᠠ᠂ ᠪᠢ ᠵᠦᠪᠬᠡᠨ ᠬᠦᠯᠦᠨ ᠪᠤᠶᠢᠷ ᠠᠴᠠ ᠮᠣᠩᠭᠤᠯ ᠤᠯᠤᠰ ᠲᠤ ᠨᠡᠭᠦᠵᠦ ᠣᠷᠣᠭᠰᠠᠨ ᠭᠤᠷᠪᠠᠨ | ᠰᠤᠮᠤ ᠶᠢ ᠳᠤᠷᠠᠳᠤᠶ᠎ᠠ᠄ | | | ᠠᠪᠳᠠᠷᠠᠪᠠᠶᠠᠨ ᠰᠣᠮᠣ | | | ᠮᠣᠩᠭᠤᠯ ᠤᠯᠤᠰ ᠤᠨ ᠲᠥᠪ ᠠᠶᠢᠮᠠᠭ ᠤᠨ ᠠᠪᠳᠠᠷᠠᠪᠠᠶᠠᠨ ᠰᠣᠮᠣ ᠨᠢ ᠠᠶᠢᠮᠠᠭ ᠤᠨ ᠲᠥᠪ ᠵᠠᠭᠤᠨᠮᠣᠳᠤ ᠶᠢᠨ | ᠲᠠᠯ᠎ᠠ ᠠᠴᠠ ᠵᠡᠭᠦᠨ ᠡᠮᠦᠨᠡᠰᠢ 100 ᠺᠢᠯᠤᠮᠧᠲᠷ ᠤᠨ ᠵᠠᠢ ᠳᠤ ᠪᠠᠶᠢᠳᠠᠭ᠃ | ᠲᠤᠰ ᠰᠤᠮᠤ ᠶᠢᠨ ᠢᠷᠡᠯ ᠡᠭᠦᠰᠦᠯ ᠭᠡᠪᠡᠯ᠂ ᠤᠯᠠᠭᠴᠢᠨ ᠮᠤᠭᠠᠢ ᠵᠢᠯ ︵1917 ᠣᠨ︶ ᠤᠨ ᠬᠠᠪᠤᠷ ᠠᠴᠠ | ᠰᠧᠪᠵᠢᠩᠭᠡ ᠶᠢᠨ ᠳᠡᠭᠡᠷᠡᠮ ᠬᠠᠶᠢᠯᠠᠷ ᠬᠤᠲᠠ ᠶᠢ ᠡᠵᠡᠯᠡᠪᠡ ᠭᠡᠰᠡᠨ ᠴᠢᠮᠡᠭᠡ ᠭᠠᠷᠤᠭᠰᠠᠨ ᠤ ᠳᠠᠷᠠᠭ᠎ᠠ ᠵᠤᠨ ᠤ | ᠦᠶᠡᠰ ᠢᠶᠠᠷ ᠬᠦᠪᠡᠭᠡᠲᠦ ᠰᠢᠷ᠎ᠠ ᠬᠤᠰᠢᠭᠤᠨ ᠢ ᠳᠣᠪᠳᠤᠨᠪᠠᠯᠵᠤᠤᠷ ᠭᠠᠯᠢᠳᠠ ᠶᠢ ᠠᠯᠠᠵᠤ ᠠᠳᠤᠭᠤ ᠮᠠᠯ ᠢ ᠨᠢ | ᠳᠡᠭᠡᠷᠡᠮᠳᠡᠪᠡ ᠭᠡᠵᠦ ᠰᠣᠨᠣᠰᠳᠠᠵᠦ᠂ ᠳᠡᠭᠡᠷᠡᠮ ᠤᠨ ᠬᠡᠰᠡᠭ ᠬᠦᠮᠦᠰ ᠵᠢᠷᠭᠤᠭᠠᠳᠠᠢ ᠭᠡᠳᠡᠭ ᠭᠠᠵᠠᠷ ᠲᠤ ᠢᠷᠡᠵᠦ ᠬᠡᠳᠦᠨ | ᠬᠦᠮᠦᠨ ᠢᠶᠠᠨ ᠠᠯᠠᠭᠤᠯᠤᠭᠠᠳ ᠪᠤᠴᠠᠵᠠᠢ᠃ ᠡᠭᠦᠨ ᠠᠴᠠ ᠪᠣᠯᠵᠤ᠂ ᠰᠢᠨ᠎ᠡ ᠪᠠᠷᠭᠤ ᠵᠡᠭᠦᠨ ᠭᠠᠷᠤᠨ ᠮᠠᠯᠴᠢᠳ ᠠᠶᠤᠨ | ᠳᠦᠷᠪᠡᠵᠦ᠂ ᠰᠢᠨ᠎ᠡ ᠪᠠᠷᠭᠤ ᠪᠠᠷᠠᠭᠤᠨ ᠭᠠᠷᠤᠨ ᠬᠦᠪᠡᠭᠡᠲᠦ ᠤᠯᠠᠭᠠᠨ ᠤ ᠳᠦᠷᠪᠡᠨ ᠤ ᠭᠤᠷᠪᠠ᠂ ᠬᠦᠪᠡᠭᠡᠲᠦ | ᠬᠥᠬᠡ ᠶᠢᠨ ᠭᠤᠷᠪᠠᠨ ᠤ ᠨᠢᠭᠡ᠂ ᠰᠢᠯᠤᠭᠤᠨ ᠤᠯᠠᠭᠠᠨ ᠤ 20 ᠭᠠᠷᠤᠢ ᠡᠷᠦᠬᠡ ᠵᠡᠷᠭᠡ ᠮᠠᠯᠴᠢᠳ᠂ ᠪᠠᠷᠤᠭᠯᠠᠪᠠᠯ 200 | ᠭᠠᠷᠤᠢ ᠡᠷᠦᠬᠡ᠂ 800 ᠭᠠᠷᠤᠢ ᠬᠦᠮᠦᠨ᠂ 30000 ᠲᠦᠮᠡ ᠭᠠᠷᠤᠢ ᠮᠠᠯ ᠢ ᠠᠪᠴᠤ ᠬᠠᠯᠬ᠎ᠠ ᠶᠢᠨ ᠨᠤᠲᠤᠭ ᠲᠤ | ᠨᠡᠭᠦᠨ ᠣᠷᠣᠪᠠ᠃ | ᠪᠠᠰᠠ ᠬᠦᠪᠡᠭᠡᠲᠦ ᠤᠯᠠᠭᠠᠨ ᠬᠤᠰᠢᠭᠤᠨ ᠤ ᠫᠤᠩᠰᠤᠭᠷᠠᠪᠳᠠᠨ ᠵᠠᠩᠭᠢ ᠴᠢᠪᠰᠢᠩᠭᠡ ᠲᠠᠢ ᠡᠷᠬᠡ | ᠪᠤᠯᠢᠶᠠᠯᠳᠤᠭᠠᠳ ᠬᠦᠴᠦᠨ ᠮᠡᠬᠦᠰᠳᠡᠵᠦ᠂ 1915 ᠣᠨ ᠤ ᠨᠠᠮᠤᠷ ᠣᠶᠢᠷ᠎ᠠ ᠲᠦᠷᠦᠯ ᠤᠨ 20 ᠣᠷᠴᠢᠮ ᠡᠷᠦᠬᠡ | ᠬᠦᠮᠦᠰ ᠬᠠᠯᠬ᠎ᠠ ᠶᠢᠨ ᠨᠤᠲᠤᠭ ᠲᠤ ᠨᠡᠭᠦᠨ ᠣᠴᠢᠭᠰᠠᠨ ᠪᠠ 1917 ᠣᠨ ᠤ 4 ᠰᠠᠷ᠎ᠠ ᠳᠤ ᠬᠦᠪᠡᠭᠡᠲᠦ ᠤᠯᠠᠭᠠᠨ | ᠪᠠ ᠬᠦᠪᠡᠭᠡᠲᠦ ᠬᠥᠬᠡ ᠬᠤᠰᠢᠭᠤᠨ ᠤ ᠬᠡᠰᠡᠭ ᠴᠢᠨᠡᠭᠡᠯᠢᠭ ᠡᠷᠦᠬᠡ ᠫᠤᠩᠰᠤᠭᠷᠠᠪᠳᠠᠨ ᠤ ᠬᠤᠶᠢᠨ᠎ᠠ ᠠᠴᠠ ᠨᠡᠭᠦᠨ | ᠣᠴᠢᠵᠦ ᠨᠡᠶᠢᠯᠡᠪᠡ᠃ ᠡᠳᠡᠭᠡᠷ ᠠᠶᠢᠯ ᠵᠤᠨ ᠰᠢᠨ᠎ᠡ ᠪᠠᠷᠭᠤ ᠵᠡᠭᠦᠨ ᠭᠠᠷ᠂ ᠪᠠᠷᠠᠭᠤᠨ ᠭᠠᠷ ᠤᠨ ᠳᠡᠭᠡᠷᠡᠮ ᠠᠴᠠ | ᠳᠦᠷᠪᠡᠵᠦ ᠣᠴᠢᠭᠰᠠᠨ ᠠᠶᠢᠯ ᠤᠳ ᠲᠠᠢ ᠨᠡᠶᠢᠯᠡᠭᠡᠳ ᠬᠠᠮᠲᠤ ᠪᠠᠷ ᠬᠠᠯᠬ᠎ᠠ ᠶᠢᠨ ᠨᠤᠲᠤᠭ ᠲᠤ ᠣᠷᠣᠵᠠᠢ᠃ | ᠡᠳᠡᠭᠡᠷ ᠵᠤᠨ 1918 ᠣᠨ ᠤ ᠬᠠᠪᠤᠷ ᠬᠠᠯᠲᠠᠷ ᠤᠨ ᠭᠤᠪᠢ ᠳᠤ ᠬᠦᠷᠦᠭᠡᠳ ᠲᠡᠳᠡᠨ ᠤ ᠲᠦᠷᠦᠭᠦᠴᠦᠳ | 20 ᠭᠠᠷᠤᠢ ᠬᠦᠮᠦᠰ ᠵᠦᠪᠯᠡᠯᠳᠦᠵᠦ ᠪᠣᠭᠳᠠ ᠵᠢᠪᠽᠦ᠋ᠨᠳᠠᠮᠪᠠ ᠬᠤᠲᠣᠭᠲᠣ ᠳᠤ ᠱᠠᠪᠢ ᠪᠣᠯᠬᠤ ᠪᠠᠷ ᠲᠣᠭᠲᠠᠵᠠᠢ᠃ | ᠪᠣᠭᠳᠠ ᠵᠢᠪᠽᠦ᠋ᠨᠳᠠᠮᠪᠠ ᠬᠤᠲᠣᠭᠲᠣ ᠳᠤ ᠠᠶᠢᠯᠠᠳᠬᠠᠯ ᠣᠴᠢᠭᠰᠠᠨ ᠲᠦᠷᠦᠭᠦᠴᠦᠳ ᠤᠨ ᠲᠦᠯᠦᠭᠡᠯᠡᠭᠴᠢᠳ 100 | ᠶᠤᠸᠠᠨᠪᠤᠤ ᠡᠷᠭᠦᠵᠦ ᠪᠠᠷᠠᠯᠠᠨ ᠮᠦᠷᠭᠦᠵᠦ ᠮᠣᠳᠤᠷ ᠤᠨ ᠠᠳᠢᠰ ᠬᠦᠷᠲᠡᠵᠡᠢ᠃ ᠪᠣᠭᠳᠠ ᠡᠵᠡᠨ ᠲᠡᠳᠡᠨ ᠤ ᠬᠦᠰᠡᠯᠲᠡ ᠶᠢ | ᠶᠣᠰᠤᠭᠠᠷ ᠪᠣᠯᠭᠠᠵᠦ᠂ ᠡᠶᠢᠨ ᠬᠦ 200 ᠰᠢᠬᠠᠮ ᠡᠷᠦᠬᠡ ᠶᠢᠨ 1000 ᠰᠢᠬᠠᠮ ᠪᠠᠷᠭᠤᠴᠣᠳ ︽ᠪᠣᠭᠳᠠ ᠶᠢᠨ ᠱᠠᠪᠢ︾ | ᠪᠣᠯᠵᠤ᠂ ᠪᠣᠭᠳᠠ ᠠᠭᠤᠯᠠ ᠶᠢᠨ ᠡᠮᠦᠨ᠎ᠡ ᠵᠦᠭ ᠲᠤ ᠮᠠᠨᠽᠤᠰᠢᠷᠢ ᠬᠤᠳᠣᠭᠳᠣ ᠴᠡᠷᠡᠨᠳᠣᠷᠵᠢ ᠶᠢᠨ ᠨᠤᠲᠤᠭ - | ᠠᠪᠳᠠᠷᠠᠬᠠᠩᠭᠠᠢ ᠠᠭᠤᠯᠠ ᠶᠢ ᠲᠥᠪ ᠪᠣᠯᠭᠠᠭᠰᠠᠨ ᠭᠤᠪᠢ ᠨᠤᠲᠤᠭ ᠢᠶᠠᠷ ᠴᠢᠯᠦᠭᠡᠲᠡᠢ ᠨᠤᠲᠤᠭᠯᠠᠳᠠᠭ ᠪᠣᠯᠵᠠᠢ᠃ | ᠲᠡᠷᠡ ᠦᠶ᠎ᠡ ᠠᠴᠠ ᠬᠤᠶᠢᠰᠢ ᠡᠳᠡᠭᠡᠷ ᠪᠠᠷᠭᠤᠴᠣᠳ ᠢ ᠠᠪᠳᠠᠷᠠᠪᠠᠶᠠᠨ ᠤ ᠪᠠᠷᠭᠤ ᠭᠡᠵᠦ ᠨᠡᠷᠡᠯᠡᠳᠡᠭ ᠪᠣᠯᠵᠠᠢ᠃ | 1923 ᠣᠨ ᠳᠤ ᠮᠣᠩᠭᠤᠯ ᠤᠯᠤᠰ ᠤᠨ ᠵᠠᠰᠠᠭ ᠤᠨ ᠭᠠᠵᠠᠷ ᠠᠴᠠ ᠱᠠᠪᠢ ᠪᠠᠷᠭᠤ ᠶᠢ ᠤᠯᠠᠭᠠᠨᠪᠠᠭᠠᠲᠤᠷ | ᠬᠤᠲᠠ ᠠᠴᠠ ᠪᠠᠷᠠᠭᠤᠨᠰᠢ ᠨᠤᠲᠤᠭ ᠭᠠᠷᠭᠠᠵᠦ ᠨᠤᠲᠤᠭᠯᠠᠭᠤᠯᠤᠨᠠ ᠭᠡᠰᠡᠨ ᠲᠣᠭᠲᠠᠭᠠᠯ ᠭᠠᠷᠭᠠᠵᠠᠢ᠃ ᠡᠭᠦᠨ ᠠᠴᠠ | ᠪᠣᠯᠵᠤ᠂ 1924 ᠣᠨ ᠤ ᠡᠪᠦᠯ ᠱᠠᠪᠢ ᠪᠠᠷᠭᠤ ᠶᠢᠨ ᠲᠦᠷᠦᠭᠦᠴᠦᠳ ᠨᠢᠭᠤᠴᠠ ᠪᠠᠷ ᠵᠦᠪᠯᠡᠯᠳᠦᠵᠦ ᠨᠤᠲᠤᠭ | ᠪᠤᠴᠠᠬᠤ ᠪᠡᠯᠡᠳᠬᠡᠯ ᠬᠢᠵᠡᠢ᠃ ᠢᠩᠭᠢᠭᠡᠳ ᠮᠦᠨ ᠡᠪᠦᠯ ᠳᠡᠭᠡᠨ ᠨᠡᠯᠢᠶᠡᠳ ᠵᠤᠨ ᠢᠶᠠᠨ ᠲᠠᠷᠬᠠᠭᠠᠭᠰᠠᠨ ᠦᠭᠡᠢ | ᠰᠠᠭᠤᠷᠢᠨ ᠤ ᠣᠷᠴᠢᠮ ᠢᠶᠠᠷ ᠨᠤᠲᠤᠭᠯᠠᠭᠤᠯᠤᠭᠠᠳ ᠢᠷᠡᠬᠦ ᠬᠠᠪᠤᠷ ᠨᠢ ᠡᠭᠦᠳᠡ ᠶᠢᠨ ᠵᠢᠷᠠᠩ ᠭᠡᠬᠦ ᠭᠠᠵᠠᠷ | ᠠᠭᠠᠵᠢᠮ ᠢᠶᠠᠷ ᠴᠤᠭᠯᠠᠷᠠᠨ ᠲᠦᠪᠯᠡᠷᠡᠭᠡᠳ᠂ 1925 ᠣᠨ ᠤ ᠪᠢᠯᠢᠭ ᠤᠨ ᠤᠯᠠᠷᠢᠯ ᠤᠨ 4 ᠰᠠᠷ᠎ᠠ ᠶᠢᠨ ᠨᠢᠭᠡᠨ ᠰᠦᠨᠢ | ᠬᠦᠷᠢᠶ᠎ᠡ ᠬᠠᠪᠢᠷᠭ᠎ᠠ ᠶᠢᠨ ᠬᠤᠶᠢᠳᠣ ᠲᠠᠯ᠎ᠠ ᠪᠠᠷ ᠬᠢᠯᠢ ᠳᠠᠪᠠᠨ ᠨᠢᠭᠡ ᠬᠡᠰᠡᠭ ᠵᠤᠨ ᠨᠢ ᠨᠤᠲᠤᠭ ᠲᠠᠭᠠᠨ ᠪᠤᠴᠠᠨ | ᠢᠷᠡᠵᠡᠢ᠃ | ᠱᠠᠪᠢ ᠪᠠᠷᠭᠤ ᠶᠢᠨ ᠵᠤᠨ ᠢ ᠵᠣᠭᠰᠤᠭᠠᠯ ᠵᠢᠷᠭᠠᠯᠠᠩᠲᠤ ᠠᠭᠤᠯᠠ ᠶᠢᠨ ᠬᠤᠰᠢᠭᠤᠨ ᠤ ᠨᠢᠭᠡ ᠰᠤᠮᠤ ᠪᠣᠯᠭᠠᠨ | ᠵᠠᠬᠢᠷᠤᠭᠤᠯᠵᠤ᠂ ᠠᠪᠳᠠᠷ᠎ᠠ᠂ ᠪᠠᠶᠠᠨ ᠬᠤᠶᠠᠷ ᠠᠭᠤᠯᠠ ᠪᠠᠷ 1924 ᠣᠨ ᠳᠤ ᠠᠪᠳᠠᠷᠠᠪᠠᠶᠠᠨ ᠰᠤᠮᠤ ᠭᠡᠵᠦ | ᠨᠡᠷᠡᠶᠢᠳᠦᠭᠡᠳ ᠨᠠᠢᠮᠠᠨ ᠪᠠᠭ ᠲᠠᠢ ᠴᠣᠯ ᠪᠠᠷᠭᠤ ᠰᠣᠮᠣ ᠪᠣᠯᠵᠠᠢ᠃ ᠲᠤᠰ ᠰᠤᠮᠤ 1927 ᠣᠨ ᠳᠤ 158 ᠡᠷᠦᠬᠡ᠂ | 867 ᠬᠦᠮᠦᠨ ᠲᠠᠢ ᠪᠠᠶᠢᠪᠠ᠃ | ᠠᠪᠳᠠᠷᠠᠪᠠᠶᠠᠨ ᠰᠣᠮᠣᠨ ᠤ ᠲᠥᠪ ᠨᠢ ᠬᠤᠷᠢᠭᠠᠳ ᠵᠢᠯ ᠳᠤ ᠰᠢᠷᠠᠬᠤᠳᠳᠤᠭ᠂ ᠪᠠᠶᠠᠨᠴᠢᠯᠠᠭᠤᠲᠤ᠂ ᠬᠦᠷᠵᠡᠲᠦ | ᠵᠡᠷᠭᠡ ᠭᠠᠵᠠᠷ ᠤᠳ ᠲᠤ ᠪᠠᠶᠢᠭᠰᠠᠨ ᠢᠶᠠᠨ 1938 ᠣᠨ ᠳᠤ ᠦᠪᠦᠷᠰᠢᠪᠠᠷᠲᠤ ᠭᠡᠬᠦ ᠭᠠᠵᠠᠷ ᠰᠠᠭᠤᠷᠢᠰᠢᠵᠠᠢ᠃ | ᠠᠪᠳᠠᠷᠠᠪᠠᠶᠠᠨ ᠤ ᠪᠠᠷᠭᠤ ᠣᠪᠣᠭ ᠤᠳ᠄ ᠠᠪᠠᠭᠠᠴᠤᠯ᠂ ᠭᠤᠴᠢᠳ᠂ ᠲᠣᠩᠭᠤᠶᠢᠳ᠂ ᠴᠡᠭᠡᠵᠢᠨ᠂ ᠳᠠᠭᠠᠷᠢᠳᠠᠨ᠂ | ᠰᠢᠷᠠᠶᠢᠳ᠂ ᠭᠦᠢᠴᠡᠯᠢᠭ᠂ ᠤᠯᠢᠶᠠᠳ᠂ ᠪᠣᠳᠤᠩᠭᠤᠳ᠂ ᠦᠵᠦᠨ᠂ ᠶᠦᠩᠰᠢᠶᠡᠪᠦ᠂ ᠵᠤᠷᠭᠤᠨ᠂ ᠠᠯᠠᠭᠤᠢ᠂ ᠴᠠᠭᠠᠨ | ᠤᠭᠤᠷᠠᠭ᠂ ᠬᠤᠨᠳᠤᠨ᠂ ᠭᠠᠯᠵᠤᠳ᠂ ᠬᠠᠩᠭᠢᠨ᠂ ᠲᠡᠮᠦᠷᠴᠢᠨ᠂ ᠨᠣᠮᠣᠴᠢᠨ᠂ ᠬᠠᠷᠠᠭᠠᠨ᠎ᠠ ᠵᠡᠷᠭᠡ ᠪᠣᠯᠣᠨ᠎ᠠ᠃ | ᠠᠪᠳᠠᠷᠠᠪᠠᠶᠠᠨ ᠤ ᠵᠣᠨ ᠪᠣᠯ ᠤᠤᠯ ᠤᠨ ᠰᠢᠨ᠎ᠡ ᠪᠠᠷᠭᠤ ᠪᠠᠷᠠᠭᠤᠨ ᠭᠠᠷᠤᠨ ᠰᠢᠯᠤᠭᠤᠨ ᠰᠢᠷ᠎ᠠ ᠬᠤᠰᠢᠭᠤᠨ ᠤ | ᠬᠢᠨ ᠶᠤᠮ᠃ ᠮᠣᠩᠭᠤᠯ ᠤᠯᠤᠰ ᠲᠤ ᠣᠷᠣᠭᠰᠠᠨ ᠤ ᠬᠤᠶᠢᠨ᠎ᠠ ᠭᠤᠷᠪᠠᠨ ᠬᠡᠰᠡᠭ ᠪᠣᠯᠪᠠ᠃ ᠨᠢᠭᠡ ᠬᠡᠰᠡᠭ ᠨᠢ ᠮᠠᠩᠯᠠᠢ | ᠸᠠᠩ ᠳᠠᠮᠳᠢᠨᠰᠦ᠋ᠷᠦᠩ ᠤᠨ ᠬᠤᠰᠢᠭᠤᠨ ᠳᠤ ᠣᠷᠣᠪᠠ᠃ ᠨᠦᠭᠦᠭᠡ ᠬᠡᠰᠡᠭ ᠨᠢ ᠬᠡᠷᠦᠯᠦᠨ ᠤ ᠵᠡᠭᠦᠨ ᠲᠠᠯ᠎ᠠ ᠳᠤ | ᠦᠯᠡᠳᠡᠭᠡᠳ ᠴᠠᠰᠢ ᠪᠠᠨ ᠨᠡᠭᠦᠪᠡ᠃ ᠪᠠᠰᠠ ᠨᠢᠭᠡ ᠬᠡᠰᠡᠭ ᠨᠢ ᠬᠦᠯᠦᠨ ᠪᠣᠶᠢᠷ ᠲᠠᠭᠠᠨ ᠪᠤᠴᠠᠪᠠ᠃ | | |